蒙古文网站Logo
ᠰᠢᠨᠬᠤᠸᠠ ᠮᠤᠩᠭ᠋ᠤᠯ ᠨᠧᠲ

ᠠᠮᠸᠷᠢᠺᠠ ᠺᠠᠨᠠᠳᠠ ᠮᠸᠺᠰᠢᠬᠦ ᠬᠤᠯᠪᠤᠭᠠᠯᠠᠨ 2026 ᠤᠨ ᠤ《 ᠲᠡᠯᠡᠬᠡᠢ ᠶᠢᠨ ᠴᠤᠮᠤ》 ᠬᠦᠯ ᠪᠦᠮᠪᠦᠭᠡ ᠶᠢᠨ ᠲᠡᠮᠡᠴᠡᠭᠡᠨ ᠢ ᠡᠷᠬᠢᠯᠡᠬᠦ ᠪᠡᠷ ᠡᠷᠡᠮᠡᠯᠵᠡᠨ᠎ᠡ

2017-04-11 11:13

    ᠰᠢᠨᠬᠤᠸᠠ ᠬᠤᠷᠢᠶ᠎ᠠ  ᠸᠠᠰᠢᠩᠲ᠋ᠤᠨ ᠤ 4 ᠰᠠᠷ᠎ᠠ ᠶᠢᠨ 10 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢ ᠪᠦᠸᠸ ᠸᠸᠨ )10 ᠤ ᠡᠲᠦᠷ᠂ ᠠᠮᠸᠷᠢᠺᠠ ᠺᠠᠨᠠᠳᠠ ᠮᠸᠺᠰᠢᠬᠦ ᠶᠢᠨ ᠬᠦᠯ ᠪᠦᠮᠪᠦᠭᠡ ᠶᠢᠨ ᠨᠡᠢᠢᠭᠡᠮᠯᠢᠭ᠌ ᠡᠴᠡ 2026 ᠤᠨ ᠤᠲᠡᠯᠡᠬᠡᠢ ᠶᠢᠨ ᠴᠤᠮᠤᠬᠦᠯ ᠪᠦᠮᠪᠦᠭᠡ ᠶᠢᠨ ᠲᠡᠮᠡᠴᠡᠭᠡᠨ ᠢ ᠡᠷᠬᠢᠯᠡᠬᠦ ᠪᠡᠷ ᠡᠷᠡᠮᠡᠯᠵᠡᠵᠦ ᠪᠠᠢᠢᠬᠤ ᠪᠠᠨ ᠵᠠᠷᠯᠠᠪᠠ᠃ ᠡᠨᠡ ᠨᠢ ᠲᠡᠦᠬᠡᠨ ᠳ᠋ᠤ ᠠᠩᠬ᠎ᠠ ᠤᠲᠠᠭ᠎ᠠ ᠭᠤᠷᠪᠠᠨ ᠤᠯᠤᠰ ᠬᠠᠮᠲᠤᠷᠠᠨᠲᠡᠯᠡᠬᠡᠢ ᠶᠢᠨ ᠴᠤᠮᠤᠬᠦᠯ ᠪᠦᠮᠪᠦᠭᠡ ᠶᠢᠨ ᠲᠡᠮᠡᠴᠡᠭᠡᠨ ᠵᠤᠬᠢᠶᠠᠨ ᠪᠠᠢᠢᠭᠤᠯᠬᠤ ᠭᠡᠵᠦ ᠪᠠᠢᠢᠭ᠎ᠠ᠂ ᠬᠡᠷᠪᠡ ᠵᠤᠬᠢᠶᠠᠨ ᠪᠠᠢᠢᠭᠤᠯᠬᠤ ᠡᠷᠬᠡ ᠶᠢ ᠤᠯᠬᠤ ᠳ᠋ᠤ ᠬᠦᠷᠪᠡᠯ᠂1994 ᠤᠨ ᠡᠴᠡ ᠨᠠᠭᠠᠰᠢᠲᠡᠯᠡᠬᠡᠢ ᠶᠢᠨ ᠴᠤᠮᠤᠬᠦᠯ ᠪᠦᠮᠪᠦᠭᠡ ᠶᠢᠨ ᠲᠡᠮᠡᠴᠡᠭᠡᠨ ᠤᠮᠠᠷᠠᠲᠤ ᠠᠮᠸᠷᠢᠺᠠ ᠲᠢᠪ ᠲᠤ ᠲᠠᠬᠢᠨ ᠵᠤᠬᠢᠶᠠᠨ ᠪᠠᠢᠢᠭᠤᠯᠤᠭᠲᠠᠬᠤ ᠪᠤᠯᠤᠨ᠎ᠠ᠃

    2026 ᠤᠨ ᠡᠴᠡ ᠡᠬᠢᠯᠡᠨ ᠲᠡᠯᠡᠬᠡᠢ ᠶᠢᠨ ᠴᠤᠮᠤᠬᠦᠯ ᠪᠦᠮᠪᠦᠭᠡ ᠶᠢᠨ ᠲᠡᠮᠡᠴᠡᠭᠡᠨ ᠳ᠋ᠤ ᠤᠷᠤᠯᠴᠠᠬᠤ ᠪᠠᠭ ᠢ ᠤᠲᠤᠬᠠᠨ ᠤ 32 ᠡᠴᠡ 48 ᠪᠤᠯᠭᠠᠵᠤ᠂ ᠤᠷᠤᠯᠲᠤᠬᠤ ᠤᠲᠠᠭ᠎ᠠ ᠨᠢ 80 ᠲᠠᠯᠠᠪᠠᠢ ᠪᠤᠯᠤᠨ᠎ᠠ᠃

    2002 ᠤᠨ ᠳ᠋ᠤ ᠺᠤᠷᠢᠶᠠ ᠶᠠᠫᠤᠨ ᠬᠠᠮᠲᠤᠷᠠᠨ ᠲᠡᠯᠡᠬᠡᠢ ᠳ᠋ᠠᠬᠢᠨ ᠤ ᠠᠩᠬᠠᠷᠤᠯ ᠳ᠋ᠤ ᠬᠦᠷᠦᠭᠰᠡᠨ ᠲᠡᠯᠡᠬᠡᠢ ᠶᠢᠨ ᠴᠤᠮᠤᠬᠦᠯ ᠪᠦᠮᠪᠦᠭᠡ ᠶᠢᠨ ᠲᠡᠮᠡᠴᠡᠭᠡᠨ ᠢ ᠵᠤᠬᠢᠶᠠᠨ ᠪᠠᠢᠢᠭᠤᠯᠵᠤ ᠦᠩᠭᠡᠷᠡᠪᠡ; ᠠᠮᠸᠷᠢᠺᠠ 1994 ᠤᠨ ᠳ᠋ᠤ ᠵᠤᠬᠢᠶᠠᠨ ᠪᠠᠢᠢᠭᠤᠯᠵᠤ ᠦᠩᠭᠡᠷᠡᠪᠡ ; ᠮᠸᠺᠰᠢᠬᠦ 1970 ᠤᠨ ᠪᠠ 1986 ᠤᠨ ᠳ᠋ᠤ ᠵᠤᠬᠢᠶᠠᠨ ᠪᠠᠢᠭᠤᠯᠵᠤ ᠦᠩᠭᠡᠷᠡᠪᠡ ; ᠺᠠᠨᠠᠲᠠ ᠲᠡᠯᠡᠬᠡᠢ ᠶᠢᠨ ᠴᠤᠮᠤᠡᠷᠡᠭᠲᠡᠢ ᠶᠢᠨ ᠬᠦᠯ ᠪᠦᠮᠪᠦᠭᠡ ᠶᠢᠨ ᠲᠡᠮᠡᠴᠡᠭᠡᠨ ᠢ ᠵᠤᠬᠢᠶᠠᠨ ᠪᠠᠢᠢᠭᠤᠯᠵᠤ ᠦᠩᠭᠡᠷᠡᠭᠡᠲᠦᠢ ᠭᠡᠰᠡᠨ ᠴᠤ 2015 ᠤᠨ ᠳ᠋ᠤ ᠲᠡᠯᠡᠬᠡᠢ ᠶᠢᠨ ᠴᠤᠮᠤᠡᠮᠡᠭᠲᠡᠢ ᠶᠢᠨ ᠬᠦᠯ ᠪᠦᠮᠪᠦᠭᠡ ᠶᠢᠨ ᠲᠡᠮᠡᠴᠡᠭᠡᠨ ᠢ ᠵᠤᠬᠢᠶᠠᠨ ᠪᠠᠢᠢᠭᠤᠯᠵᠤ ᠦᠩᠭᠡᠷᠡᠪᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120787099