蒙古文网站Logo
ᠰᠢᠨᠬᠤᠸᠠ ᠮᠤᠩᠭ᠋ᠤᠯ ᠨᠧᠲ

ᠨᠢᠲᠤᠨᠤᠨ ᠤᠷᠤᠰ ᠰᠦᠷᠲᠡᠬᠦᠯᠦᠨ ᠲᠠᠭᠠᠷᠢᠬᠤ ᠪᠡᠷ ᠭᠤᠷᠢᠲᠠᠵᠤ ᠪᠠᠢᠢᠭᠰᠠᠨ 16 ᠬᠡᠷᠡᠭ ᠢ ᠪᠤᠲᠠ ᠨᠢᠷᠭᠡᠪᠡ

2017-04-12 11:20

    ᠰᠢᠨᠬᠤᠸᠠ ᠬᠤᠷᠢᠶ᠎ᠠ   ᠮᠤᠰᠺᠸᠠ ᠶᠢᠨ 4 ᠰᠠᠷ᠎ᠠ ᠶᠢᠨ 11 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠠᠩ ᠴᠸᠨ ᠳ᠋ᠢ ) ᠤᠷᠤᠰ ᠤᠨ ᠤᠯᠤᠰ ᠤᠨ ᠰᠦᠷᠲᠡᠬᠦᠯᠦᠯ ᠢ ᠡᠰᠡᠷᠬᠦᠴᠡᠬᠦ ᠠᠵᠢᠯ ᠤᠨ ᠵᠦᠪᠯᠡᠯ ᠤᠨ ᠲᠡᠷᠢᠬᠦᠯᠡᠭᠴᠢ᠂ ᠤᠷᠤᠰ ᠤᠨ ᠬᠤᠯᠪᠤᠭᠠᠨ ᠤ ᠠᠶᠤᠯᠬᠦᠢ ᠶᠢᠨ ᠲᠤᠪᠴᠢᠶᠠᠨ ᠤ ᠲᠠᠷᠤᠭ᠎ᠠ 11 ᠤ ᠡᠲᠦᠷ ᠢᠯᠡᠷᠬᠡᠢᠢᠯᠡᠬᠦ ᠳ᠋ᠡᠭᠡᠨ᠂ ᠨᠢᠲᠤᠨᠤᠨ ᠤᠷᠤᠰ ᠤᠨ ᠠᠶᠤᠯᠬᠦᠢ ᠶᠢᠨ ᠰᠠᠯᠠᠭ᠎ᠠ ᠮᠦᠴᠢᠷ 9 ᠬᠤᠲᠠ ᠳ᠋ᠤ ᠰᠦᠷᠲᠡᠬᠦᠯᠦᠨ ᠲᠠᠭᠠᠷᠢᠬᠤ ᠬᠡᠷᠡᠭ ᠦᠢᠯᠡᠳᠬᠦ ᠪᠡᠷ ᠭᠤᠷᠢᠲᠠᠵᠤ ᠪᠠᠢᠢᠭᠰᠠᠨ 16 ᠬᠡᠷᠡᠭ ᠢ ᠪᠤᠲᠠ ᠨᠢᠷᠭᠡᠪᠡ ᠭᠡᠵᠡᠢ᠃ ᠭᠡᠬᠦ ᠳ᠋ᠤ ᠰᠠᠨᠲ ᠫᠸᠲ᠋ᠸᠪᠦ᠋ᠷᠡᠭ ᠬᠤᠲᠠ ᠶᠢᠨ ᠮᠸᠲ᠋ᠷᠤ᠋ ᠵᠠᠮ ᠳ᠋ᠤ ᠰᠦᠷᠲᠡᠬᠦᠯᠦᠨ ᠲᠠᠭᠠᠷᠢᠬᠤ ᠬᠡᠷᠡᠭ ᠭᠠᠷᠤᠭᠰᠠᠨ ᠨᠢ ᠤᠷᠤᠰ ᠤᠨ ᠰᠦᠷᠲᠡᠬᠦᠯᠦᠨ ᠲᠠᠭᠠᠷᠢᠬᠤ ᠢᠢ ᠰᠡᠷᠭᠡᠢᠢᠯᠡᠬᠦ ᠠᠵᠢᠯ ᠪᠠᠰᠠ ᠪᠦᠷᠢᠨ ᠭᠦᠢᠴᠡᠳ ᠦᠭᠡᠢ᠂ ᠠᠶᠤᠯ ᠲᠦᠭ᠍ᠰᠢᠬᠦᠷᠢ ᠳ᠋ᠤ ᠲᠤᠯᠭᠠᠷᠠᠵᠤ ᠪᠠᠢᠢᠬᠤ ᠶᠢ ᠬᠠᠷᠠᠭᠤᠯᠤᠨ᠎ᠠ᠃

    ᠡᠨᠡ ᠰᠠᠷ᠎ᠠ ᠶᠢᠨ 3 ᠤ ᠡᠲᠦᠷ᠂ ᠤᠷᠤᠰ ᠤᠨ ᠰᠠᠨᠲ ᠫᠸᠲ᠋ᠸᠪᠦ᠋ᠷᠡᠭ ᠬᠤᠲᠠ ᠶᠢᠨ ᠮᠸᠲ᠋ᠷᠤ᠋ ᠵᠠᠮ ᠳ᠋ᠤ ᠰᠦᠷᠲᠡᠬᠦᠯᠦᠨ ᠲᠠᠭᠠᠷᠢᠬᠤ ᠬᠡᠷᠡᠭ ᠭᠠᠷᠴᠤ᠂ 14 ᠬᠦᠮᠦᠨ ᠠᠮᠢ ᠨᠠᠰᠤ ᠪᠠᠨ ᠠᠯᠲᠠᠵᠤ᠂ 50 ᠭᠠᠷᠤᠢ ᠬᠦᠮᠦᠨ ᠰᠢᠷᠬᠠᠲᠤᠪᠠ᠃ ᠤᠲᠤᠬᠠᠨ ᠳ᠋ᠤ ᠤᠷᠤᠰ ᠤᠨ ᠠᠶᠤᠯᠬᠦᠢ ᠶᠢᠨ ᠰᠠᠯᠠᠭ᠎ᠠ ᠮᠦᠴᠢᠷ 8 ᠰᠡᠵᠢᠭᠳᠡᠨ ᠢ ᠨᠢᠭᠡᠨᠲᠡ ᠪᠠᠷᠢᠪᠴᠢᠯᠠᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120795313