蒙古文网站Logo
ᠰᠢᠨᠬᠤᠸᠠ ᠮᠤᠩᠭ᠋ᠤᠯ ᠨᠧᠲ

ᠮᠤᠩᠭ᠋ᠤᠯ ᠤᠯᠤᠰ ᠤᠨ ᠬᠤᠶᠠᠷ ᠴᠡᠷᠢᠭ ᠠᠮᠢ ᠨᠠᠰᠤ ᠪᠠᠨ ᠠᠯᠲᠠᠪᠠ

2017-04-12 16:26

    ᠰᠢᠨᠬᠤᠸᠠ ᠬᠤᠷᠢᠶ᠎ᠠ   ᠤᠯᠠᠭᠠᠨᠪᠠᠭᠠᠲᠤᠷ ᠤᠨ 4 ᠰᠠᠷ᠎ᠠ ᠶᠢᠨ 12 ᠤᠨ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠸᠩ ᠴᠤᠸᠠᠩ ) 4 ᠰᠠᠷ᠎ᠠ ᠶᠢᠨ 11 ᠤ ᠡᠲᠦᠷ᠂ ᠮᠤᠩᠭ᠋ᠤᠯ ᠤᠯᠤᠰ ᠤᠨ ᠵᠡᠪᠰᠡᠭᠲᠦ ᠬᠦᠴᠦᠨ ᠤ ᠰᠤᠷᠭᠠᠯᠲᠠ ᠶᠢᠨ ᠨᠢᠭᠡᠲᠦᠭᠰᠡᠨ ᠲᠦᠪ ᠲᠤ ᠭᠠᠷ ᠪᠦᠮᠪᠦᠭᠡ ᠲᠡᠯᠪᠡᠷᠡᠵᠦ᠂ 8 ᠬᠦᠮᠦᠨ ᠰᠢᠷᠬᠠᠲᠤᠨ 2 ᠴᠡᠷᠢᠭ ᠭᠠᠵᠠᠷ ᠲᠡᠭᠡᠷ᠎ᠡ ᠨᠢ ᠠᠮᠢ ᠨᠠᠰᠤ ᠪᠠᠨ ᠠᠯᠲᠠᠭᠰᠠᠨ ᠭᠡᠵᠦ ᠮᠤᠩᠭ᠋ᠤᠯ ᠤᠯᠤᠰ ᠤᠨ ᠵᠡᠪᠰᠡᠭᠲᠦ ᠬᠦᠴᠦᠨ ᠤ ᠶᠡᠷᠦᠩᠬᠡᠢ ᠱᠲ᠋ᠠᠪ ᠡᠴᠡ 12 ᠤᠨ ᠡᠲᠦᠷ ᠤᠨᠴᠠᠯᠠᠯ᠎ᠠ᠃

    ᠤᠲᠤᠬᠠᠨ ᠳ᠋ᠤ ᠮᠤᠩᠭ᠋ᠤᠯ ᠤᠯᠤᠰ ᠤᠨ ᠪᠠᠲᠤᠯᠠᠨ ᠬᠠᠮᠠᠭᠠᠯᠠᠯᠲᠠ ᠶᠢᠨ ᠶᠠᠮᠤᠨ ᠪᠠ ᠵᠡᠪᠰᠡᠭᠲᠦ ᠬᠦᠴᠦᠨ ᠤ ᠶᠡᠷᠦᠩᠬᠡᠢ ᠱᠲ᠋ᠠᠪ ᠡᠴᠡ ᠬᠡᠷᠡᠭ ᠤᠨ ᠰᠢᠯᠲᠠᠭᠠᠨ ᠤ ᠲᠤᠬᠠᠢ ᠪᠠᠢᠢᠴᠠᠭᠠᠵᠤ ᠪᠠᠢᠢᠨ᠎ᠠ᠃

    ᠮᠤᠩᠭ᠋ᠤᠯ ᠤᠯᠤᠰ ᠤᠨ ᠵᠡᠪᠰᠡᠭᠲᠦ ᠬᠦᠴᠦᠨ ᠤ ᠰᠤᠷᠭᠠᠯᠲᠠ ᠶᠢᠨ ᠨᠢᠭᠡᠲᠦᠭᠰᠡᠨ ᠲᠦᠪ ᠨᠢ ᠤᠯᠠᠭᠠᠨᠪᠠᠭᠠᠲᠤᠷ ᠡᠴᠡ ᠪᠠᠷᠠᠭᠤᠨᠰᠢ 65 ᠺᠢᠯᠤᠮᠸᠲ᠋ᠷ ᠤᠨ ᠵᠠᠢ ᠲᠠᠢ ᠪᠠᠢᠢᠵᠤ᠂ ᠮᠤᠩᠭ᠋ᠤᠯ ᠤᠯᠤᠰ ᠤᠨ ᠴᠡᠷᠢᠭ ᠤᠨ ᠶᠠᠪᠤᠲᠠᠯ  ᠤᠨ ᠴᠢᠬᠤᠯᠠ ᠰᠤᠷᠭᠠᠯᠲᠠ ᠶᠢᠨ ᠲᠦᠪ ᠪᠤᠯᠤᠨ᠎ᠠ᠃ ᠤᠯᠠᠨ ᠤᠯᠤᠰ ᠤᠨ ᠴᠡᠷᠢᠭ ᠤᠨ ᠰᠤᠷᠢᠯᠲᠠ ᠦᠷᠬᠦᠯᠵᠢ ᠡᠨᠳᠡ ᠶᠠᠪᠤᠭᠲᠠᠲᠠᠭ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120797371