蒙古文网站Logo
ᠰᠢᠨᠬᠤᠸᠠ ᠮᠤᠩᠭ᠋ᠤᠯ ᠨᠧᠲ

ᠪᠢᠷᠮᠠ ᠤᠰᠤ ᠰᠠᠴᠤᠬᠤ ᠪᠠᠶᠠᠷ ᠶᠢᠡᠨ ᠦᠪᠡᠲᠡᠭᠰᠢ ᠪᠡᠯᠭᠡᠯᠡᠪᠡ

2017-04-14 11:34

    ᠰᠢᠨᠬᠤᠸᠠ ᠬᠤᠷᠢᠶ᠎ᠠ    ᠷᠠᠩᠺᠦ᠋ᠨ ᠤ 4 ᠰᠠᠷ᠎ᠠ ᠶᠢᠨ 13 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠤᠸᠠᠩ ᠪᠸᠢ ᠨᠢᠩ ) 13 ᠤ ᠡᠲᠦᠷ ᠪᠤᠯ ᠪᠢᠷᠮᠠ ᠶᠢᠨ ᠵᠢᠯ ᠪᠦᠷᠢ ᠨᠢᠭᠡ ᠤᠲᠠᠭ᠎ᠠ ᠶᠠᠪᠤᠭᠲᠠᠲᠠᠭ ᠤᠰᠤ ᠰᠠᠴᠤᠬᠤ ᠪᠠᠶᠠᠷ ᠤᠨ ᠡᠲᠦᠷ ᠪᠤᠯᠤᠨ᠎ᠠ᠂ ᠪᠢᠷᠮᠠ ᠶᠢᠨ ᠡᠯ᠎ᠠ ᠭᠠᠵᠠᠷ ᠤᠨ ᠤᠯᠠᠨ ᠲᠦᠮᠡᠨ ᠪᠠᠶᠠᠷ ᠤᠨ ᠡᠲᠦᠷ ᠶᠢᠡᠨ ᠤᠯᠠᠨ ᠵᠦᠢᠯ ᠤᠨ ᠠᠷᠭ᠎ᠠ ᠬᠡᠯᠪᠡᠷᠢ ᠪᠡᠷ ᠪᠠᠶᠠᠷ ᠤᠨ ᠡᠲᠦᠷ ᠶᠢᠡᠨ ᠲᠡᠮᠲᠡᠭᠯᠡᠪᠡ᠃

    ᠤᠰᠤ ᠰᠠᠴᠤᠬᠤ ᠪᠠᠶᠠᠷ ᠤᠨ ᠴᠤᠪᠤᠷᠠᠯ ᠠᠵᠢᠯᠯᠠᠭᠠᠨ ᠤ ᠲᠠᠷᠠᠭ᠎ᠠ 17 ᠤ ᠡᠲᠦᠷ ᠪᠢᠷᠮᠠ ᠤᠯᠤᠰ ᠪᠢᠷᠮᠠ ᠲᠤᠭᠠᠯᠠᠯ ᠤᠨ 1379 ᠤᠨ ᠤ ᠠᠩᠬᠠᠨ ᠤ ᠡᠲᠦᠷ ᠶᠢᠡᠨ ᠤᠭᠲᠤᠨ ᠠᠪᠬᠤ ᠪᠤᠯᠤᠨ᠎ᠠ᠃

    ᠤᠰᠤ ᠰᠠᠴᠤᠬᠤ ᠪᠠᠶᠠᠷ ᠪᠤᠯ ᠪᠢᠷᠮᠠ ᠶᠢᠨ ᠴᠢᠬᠤᠯᠠ ᠨᠢᠭᠡ ᠪᠠᠶᠠᠷ ᠲᠤᠷᠠᠰᠬᠠᠯ ᠤᠨ ᠡᠲᠦᠷ ᠪᠠᠢᠢᠵᠤ᠂ ᠤᠰᠤ ᠰᠠᠴᠤᠬᠤ ᠪᠡᠷ ᠪᠠᠶᠠᠷ ᠭᠤᠨᠢᠭ᠂ ᠶᠠᠯ᠎ᠠ ᠨᠢᠬᠦᠯ ᠶᠢᠡᠨ ᠤᠬᠢᠶᠠᠵᠤ᠂ ᠰᠢᠨ᠎ᠡ ᠤᠨ ᠳ᠋ᠠᠭᠠᠨ ᠪᠦᠲᠦᠮᠵᠢ ᠲᠠᠢ ᠪᠠᠢᠢᠬᠤ ᠪᠠᠨ ᠪᠡᠯᠭᠡᠰᠢᠶᠡᠲᠡᠭ᠃

    ᠤᠤᠯ ᠨᠢ ᠤᠰᠤ ᠰᠠᠴᠤᠬᠤ ᠪᠠᠶᠠᠷ 10 ᠤᠨ ᠡᠲᠦᠷ ᠤᠨ ᠬᠤᠭᠤᠴᠠᠭ᠎ᠠ ᠲᠠᠢ᠂ ᠡᠨᠡ ᠵᠢᠯ ᠡᠴᠡ ᠡᠬᠢᠯᠡᠨ ᠪᠢᠷᠮᠠ ᠶᠢᠨ ᠵᠠᠰᠠᠭ ᠤᠨ ᠭᠠᠵᠠᠷ ᠡᠴᠡ 5 ᠡᠲᠦᠷ ᠪᠤᠯᠭᠠᠨ ᠪᠤᠭᠤᠨᠢᠰᠬᠠᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
关闭
010070230030000000000000011120791120810689