ᠮᠠᠯᠠᠢᠢᠰᠢᠶ᠎ᠠ ᠰᠤᠯᠤᠩᠭ᠋ᠤᠰ ᠤᠨ 296 ᠢᠷᠭᠡᠨ ᠢ ᠬᠦᠭᠡᠭᠡᠨ ᠦᠯᠲᠡᠪᠡ 2017-04-20 10:25

    ᠰᠢᠨᠬᠤᠸᠠ ᠨᠸᠲ   ᠪᠡᠭᠡᠵᠢᠩ ᠤᠨ 4 ᠰᠠᠷ᠎ᠠ ᠶᠢᠨ 19 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢᠦ ᠲᠦᠩ᠂ ᠯᠢᠨ ᠬᠤᠤ ) 18 ᠤ ᠡᠲᠦᠷ ᠮᠠᠯᠠᠢᠢᠰᠢᠶ᠎ᠠ ᠶᠢᠨ ᠨᠡᠬᠦᠲᠡᠯ ᠢᠷᠭᠡᠨ ᠤ ᠲᠤᠪᠴᠢᠶ᠎ᠠ ᠬᠡᠯᠡᠬᠦ ᠳ᠋ᠡᠭᠡᠨ᠂ ᠮᠠᠯᠠᠶᠢᠰᠢᠶ ᠠ  ᠳᠤ ᠤᠷᠤᠰᠢᠨ ᠰᠠᠭᠤᠬᠤ ᠬᠤᠭᠤᠴᠠᠭ᠎ᠠ ᠨᠢ ᠬᠡᠲᠦᠷᠡᠭᠰᠡᠨ 296 ᠰᠤᠯᠤᠨᠭᠭᠤᠰ  ᠤᠨ ᠢᠷᠭᠡᠨ ᠥᠨᠭ᠍ᠭᠡᠷᠡᠭᠰᠡᠨ ᠭᠠᠷᠠᠭ ᠲᠤ ᠮᠠᠯᠠᠢᠢᠰᠶ᠎ᠠ ᠶᠢᠨ ᠰᠠᠷᠠᠸᠠᠺ ᠵᠸᠦ ᠶᠢᠨ ᠨᠡᠬᠦᠲᠡᠯ ᠢᠷᠭᠡᠨ ᠤ ᠲᠤᠪᠴᠢᠶᠠᠨ ᠳ᠋ᠤ ᠪᠠᠶ᠎ᠠ ᠪᠠᠨ ᠲᠤᠰᠢᠶᠠᠪᠠ ᠭᠡᠵᠡᠢ᠃ ᠮᠠᠯᠠᠢᠢᠰᠢᠶ᠎ᠠ ᠶᠢᠨ ᠬᠢᠨ ᠡᠲᠡᠭᠡᠷ ᠬᠦᠮᠦᠰ ᠢ ᠬᠡᠲᠦᠨ ᠡᠭᠡᠯᠵᠢ ᠬᠤᠪᠢᠶᠠᠵᠤ ᠰᠤᠯᠤᠩᠭ᠋ᠤᠰ ᠲᠤ ᠨᠢ ᠬᠦᠭᠡᠭᠡᠵᠦ ᠶᠠᠪᠤᠭᠤᠯᠬᠤ ᠪᠤᠯᠤᠨ᠎ᠠ᠃

    ᠤᠢᠢᠯᠠᠭᠠᠭᠰᠠᠨ ᠶᠢᠡᠷ᠂ ᠡᠲᠡᠭᠡᠷ ᠰᠤᠯᠤᠩᠭ᠋ᠤᠰ ᠢᠷᠭᠡᠨ ᠪᠤᠯ ᠪᠦᠷ ᠬᠦᠯᠦᠰᠦᠨ  ᠤ ᠠᠵᠢᠯᠴᠢᠨ ᠂ 3 ᠰᠠᠷ᠎ᠠ ᠶᠢᠨ 6 ᠤ ᠡᠲᠦᠷ ᠡᠴᠡ ᠡᠬᠢᠯᠡᠨ ᠮᠠᠯᠠᠢᠢᠰᠢᠶ᠎ᠠ ᠰᠤᠯᠤᠩᠭ᠋ᠤᠰ ᠤᠨ ᠢᠷᠭᠡᠨ ᠸᠢᠰᠠ ᠦᠭᠡᠢ ᠪᠡᠷ ᠬᠢᠯᠢ ᠲᠠᠮᠨᠠᠨ ᠤᠷᠤᠵᠤ ᠪᠤᠯᠬᠤ ᠲᠦᠷᠦ ᠶᠢᠨ ᠪᠤᠲᠤᠯᠭ᠎ᠠ ᠪᠠᠨ ᠦᠭᠡᠢᠢᠰᠭᠡᠭ᠍ᠰᠡᠨ ᠶᠢᠡᠷ ᠬᠥᠭᠡᠭᠡᠭ᠍ᠳᠡᠵᠤ ᠪᠠᠢᠢᠭ᠎ᠠ ᠨᠢ ᠡᠨᠡ ᠶᠤᠮ᠃

    2 ᠰᠠᠷ᠎ᠠ ᠶᠢᠨ 13 ᠤ ᠡᠲᠦᠷ᠂ ᠰᠤᠯᠤᠩᠭ᠋ᠤᠰ ᠤᠨ ᠨᠢᠭᠡ ᠡᠷᠡᠭᠲᠡᠢ ᠺᠤᠸᠠᠯᠠ ᠯᠦᠮᠫᠦ᠋ᠷ ᠤᠨ ᠤᠯᠠᠨ ᠤᠯᠤᠰ ᠤᠨ ᠨᠢᠰᠬᠦ ᠤᠩᠭ᠋ᠤᠴᠠᠨ ᠤ ᠪᠠᠭᠤᠲᠠᠯ ᠳ᠋ᠤ ᠡᠮᠴᠢᠯᠡᠭᠡᠨ ᠤ ᠠᠪᠤᠷᠠᠨ ᠲᠤᠰᠠᠯᠠᠮᠵᠢ ᠬᠦᠷᠲᠡᠬᠦ ᠵᠠᠮ  ᠳᠤ ᠪᠠᠨ ᠠᠮᠢ ᠨᠠᠰᠤ ᠪᠠᠨ ᠠᠯᠲᠠᠪᠠ᠃ ᠡᠨᠡ ᠬᠡᠷᠡᠭ ᠡᠴᠡ ᠪᠤᠯᠵᠤ ᠬᠤᠶᠠᠷ ᠲᠠᠯ᠎ᠠ ᠪᠡᠷ ᠶᠢᠡᠨ ᠴᠤᠭᠴᠠᠰ ᠢ ᠲᠤᠲᠤᠯᠠᠨ ᠰᠢᠯᠠᠭᠠᠬᠤ ᠠᠰᠠᠭᠤᠲᠠᠯ ᠤᠨ ᠲᠤᠭᠤᠷᠢᠨ  ᠳᠤ ᠬᠠᠷᠢᠯᠴᠠᠨ ᠪᠤᠷᠤᠭᠤᠰᠢᠶᠠᠵᠤ᠂ ᠡᠯᠴᠢᠨ ᠰᠠᠢᠢᠳ ᠢ ᠬᠦᠭᠡᠭᠡᠵᠦ᠂ ᠬᠤᠶᠠᠷ ᠲᠠᠯ᠎ᠠ ᠶᠢᠨ ᠬᠠᠮᠢᠶᠠᠲᠠᠢ ᠬᠦᠮᠦᠰ ᠢ ᠪᠠᠷᠢᠴᠠᠭᠠᠯᠠᠪᠠ᠃ 3 ᠰᠠᠷ᠎ᠠ ᠶᠢᠨ 31 ᠤ ᠡᠲᠦᠷ᠂ ᠪᠠᠷᠢᠴᠠᠭᠠᠯᠠᠭᠰᠠᠨ ᠬᠦᠮᠦᠰ ᠢ ᠰᠤᠯᠠᠯᠠᠭᠰᠠᠨ ᠶᠢᠡᠷ ᠬᠡᠷᠡᠭ ᠨᠠᠮᠲᠠᠵᠠᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
010070230030000000000000011120791120842774