蒙古文网站Logo
ᠰᠢᠨᠬᠤᠸᠠ ᠮᠤᠩᠭ᠋ᠤᠯ ᠨᠧᠲ

ᠺᠤᠷᠢᠶᠠ ᠶᠢᠨ ᠬᠢᠨ ᠰᠤᠯᠤᠩᠭ᠋ᠤᠰ ᠤᠨ ᠴᠡᠷᠢᠭ ᠪᠠᠢᠢᠭᠤᠯᠤᠭᠲᠠᠭᠰᠠᠨ ᠪᠠᠶᠠᠷ ᠡᠴᠡ ᠡᠮᠦᠨ᠎ᠡ ᠲᠠᠢᠢᠪᠤᠩ ᠲᠤᠭᠲᠠᠭᠤᠨ ᠪᠠᠢᠢᠨ᠎ᠠ ᠭᠡᠵᠡᠢ

2017-04-26 10:40

    ᠺᠤᠷᠢᠶᠠ ᠶᠢᠨ ᠬᠤᠯᠪᠤᠭᠠᠲᠤ ᠮᠡᠲᠡᠭᠡᠯᠡᠯ ᠤᠨ ᠬᠤᠷᠢᠶ᠎ᠠ ᠶᠢᠨ 4 ᠰᠠᠷ᠎ᠠ ᠶᠢᠨ 24 ᠤ ᠡᠲᠦᠷ ᠤᠨ ᠮᠡᠲᠡᠭᠡᠯᠡᠭᠰᠡᠨ ᠢ ᠦᠨᠳᠦᠰᠦᠯᠡᠪᠡᠯ᠂ ᠲᠤᠰ ᠭᠠᠷᠠᠭ ᠲᠤ ᠰᠤᠯᠤᠩᠭ᠋ᠤᠰ ᠤᠨ ᠴᠡᠷᠢᠭ ᠪᠠᠢᠢᠭᠤᠯᠤᠭᠲᠠᠭᠰᠠᠨ 85 ᠵᠢᠯ ᠤᠨ ᠤᠢ ᠲᠤᠬᠢᠶᠠᠬᠤ ᠪᠤᠯᠤᠨ᠎ᠠ᠂ ᠤᠲᠤᠬᠠᠨ ᠪᠤᠯᠲᠠᠯ᠎ᠠ ᠫᠢᠦᠩᠶᠠᠩ ᠳ᠋ᠤ ᠶᠠᠮᠠᠷ ᠴᠤ ᠬᠡᠪ ᠤᠨ ᠪᠤᠰᠤ ᠦᠢᠯᠡ ᠠᠵᠢᠯᠯᠠᠭ᠎ᠠ ᠪᠠᠢᠢᠬᠤ ᠦᠭᠡᠢ ᠭᠡᠵᠡᠢ᠃

    ᠡᠮᠦᠨᠡᠬᠡᠨ᠂ ᠰᠤᠯᠤᠩᠭ᠋ᠤᠰ ᠴᠡᠷᠢᠭ ᠪᠠᠢᠢᠭᠤᠯᠤᠭᠲᠠᠭᠰᠠᠨ ᠪᠠᠶᠠᠷ ᠤᠨ ᠢᠶᠡᠨ ᠤᠷᠢᠳ ᠬᠤᠵᠢᠳ ᠲᠤᠲᠤᠭᠠᠲᠤ ᠶᠢᠨ ᠡᠪ ᠨᠢᠭᠡᠲᠦᠯ᠂ ᠴᠡᠷᠢᠭ ᠤᠨ ᠲᠠᠢᠢᠴᠢᠨ ᠬᠦᠴᠦᠨ ᠢ ᠲᠠᠢᠢᠴᠢᠯᠠᠬᠤ ᠪᠡᠷ ᠵᠢᠷᠭᠤᠲᠤᠭᠠᠷ ᠤᠲᠠᠭᠠᠨ ᠤ ᠴᠦᠮ᠎ᠡ ᠶᠢᠨ ᠲᠤᠷᠰᠢᠯᠲᠠ᠂ ᠲᠢᠪ ᠠᠯᠤᠰᠯᠠᠭᠰᠠᠨ ᠵᠠᠯᠠᠭᠤᠷᠲᠤ ᠰᠤᠮᠤ ᠵᠡᠷᠭᠡ ᠦᠲᠦᠭᠡᠯᠭᠡ ᠶᠢᠨ ᠴᠢᠨᠠᠷᠲᠠᠢ ᠠᠵᠢᠯᠯᠠᠭ᠎ᠠ ᠬᠢᠵᠦ ᠮᠡᠲᠡᠨ᠎ᠡ ᠭᠡᠵᠦ ᠲᠤᠢᠢᠮᠤᠴᠢᠳ ᠦᠵᠡᠵᠦ ᠪᠠᠢᠢᠪᠠ᠃ ᠠᠮᠸᠷᠢᠺᠠ ᠺᠤᠷᠢᠶᠠ U- 2 ᠴᠠᠭᠲᠠᠨ ᠪᠠᠢᠢᠴᠠᠭᠠᠬᠤ ᠨᠢᠰᠬᠦ ᠤᠩᠭ᠋ᠤᠴᠠ ᠪᠡᠷ ᠰᠤᠯᠤᠩᠭ᠋ᠤᠰ ᠤᠨ ᠴᠡᠷᠢᠭ ᠤᠨ ᠪᠠᠢᠢᠲᠠᠯ ᠤᠨ ᠲᠤᠬᠠᠢ ᠨᠢᠬᠲᠠ ᠠᠵᠢᠭᠯᠠᠵᠤ ᠪᠠᠢᠢᠨ᠎ᠠ᠃

    ᠺᠤᠷᠢᠶᠠ ᠶᠢᠨ ᠨᠢᠭᠡᠲᠦᠮᠡᠯ ᠶᠠᠮᠤᠨ ᠤ ᠦᠬᠦᠯᠡᠭᠴᠢ ᠰᠡᠳᠬᠦᠯᠴᠢᠳ ᠤᠨ ᠡᠭᠡᠯᠵᠢᠲᠦ ᠬᠤᠷᠠᠯ ᠶᠢᠡᠷ᠂ 《 ᠰᠤᠯᠤᠩᠭ᠋ᠤᠰ ᠤᠨ ᠴᠡᠷᠢᠭ ᠪᠠᠢᠢᠭᠤᠯᠤᠭᠲᠠᠭᠰᠠᠨ ᠪᠠᠶᠠᠷ ᠲᠤᠩ ᠤᠲᠠᠬᠤ ᠦᠭᠡᠢ ᠪᠤᠯᠵᠤ ᠭᠡᠵᠦ ᠪᠠᠢᠢᠨ᠎ᠠ᠂ ᠤᠲᠤᠬᠠ ᠪᠤᠯᠲᠠᠯ᠎ᠠ ᠶᠠᠮᠠᠷ ᠴᠤ ᠬᠡᠪ ᠤᠨ ᠪᠤᠰᠤ ᠦᠢᠯᠡ ᠠᠵᠢᠯᠯᠠᠭ᠎ᠠ ᠪᠠᠢᠢᠬᠤ ᠦᠭᠡᠢ》ᠭᠡᠵᠡᠢ᠃

    ᠰᠤᠯᠤᠩᠭ᠋ᠤᠰ ᠤᠨ ᠲᠦᠷᠦ ᠶᠢᠨ ᠬᠡᠪᠯᠡᠯ ᠮᠡᠲᠡᠭᠡᠯᠡᠯ ᠤᠨ ᠬᠢᠨ ᠢᠷᠭᠡᠳ ᠢ ᠤᠲᠤᠷᠢᠲᠤᠭᠴᠢ ᠺᠢᠮ ᠽᠸᠩ ᠡᠸᠨ ᠳ᠋ᠤ ᠦᠨᠡᠨᠴᠢ ᠪᠡᠷ ᠦᠢᠯᠡᠴᠢᠯᠡᠬᠦ ᠶᠢ ᠤᠷᠢᠶᠠᠯᠠᠪᠠ᠃ ᠰᠤᠯᠤᠩᠭ᠋ᠤᠰ ᠤᠨ ᠬᠦᠲᠡᠯᠮᠦᠷᠴᠢᠨ ᠤ ᠨᠠᠮ ᠤᠨ ᠪᠠᠢᠢᠭᠤᠯᠤᠯᠭ᠎ᠠ ᠶᠢᠨ ᠰᠤᠨᠢᠨ 《ᠬᠦᠲᠡᠯᠮᠦᠷᠢ ᠰᠤᠨᠢᠨ》 ᠡᠴᠡ ᠰᠤᠯᠤᠩᠭ᠋ᠤᠰ ᠤᠨ ᠴᠡᠷᠢᠭ ᠪᠠᠢᠢᠯᠲᠤᠬᠤ ᠪᠡᠷ ᠨᠢᠭᠡᠨᠲᠡ ᠪᠡᠯᠡᠬᠡᠨ ᠪᠤᠯᠵᠤ᠂ ᠱᠠᠭᠠᠷᠲᠠᠯᠭ᠎ᠠ ᠲᠠᠢ ᠪᠤᠯ ᠠᠮᠸᠷᠢᠺᠠ ᠶᠢᠨ ᠺᠠᠷᠯ ᠸᠢᠨᠰᠤᠨ ᠬᠦᠯᠭᠡᠨ ᠤᠩᠭ᠋ᠤᠴᠠ ᠶᠢ ᠪᠤᠲᠠ ᠨᠢᠷᠭᠡᠨ᠎ᠠ ᠭᠡᠵᠡᠢ᠃

ᠢᠷᠡᠯᠳᠡ᠄ ᠯᠠᠪᠯᠠᠯᠲᠠ ᠶᠢᠨ ᠮᠡᠲᠡᠭᠡ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120876202