蒙古文网站Logo
ᠰᠢᠨᠬᠤᠸᠠ ᠮᠤᠩᠭ᠋ᠤᠯ ᠨᠧᠲ

ᠲᠠᠢᠢᠯᠠᠨᠳ᠋ ᠤᠨ ᠤᠷᠢᠲᠤ ᠸᠠᠩ ᠪᠢᠦᠮᠢᠪᠤᠯ• ᠧᠳᠦ᠋ᠯᠧᠳᠢ ᠶᠢᠨ ᠴᠢᠨᠲᠠᠷ ᠢ ᠲᠡᠭᠲᠡᠭᠡᠬᠦ ᠪᠡᠷ ᠪᠤᠯᠪᠠ

2017-04-26 17:08

    ᠰᠢᠨᠬᠤᠸᠠ ᠬᠤᠷᠢᠶ᠎ᠠ   ᠪᠠᠩᠺᠦᠺ ᠤᠨ 4 ᠰᠠᠷ᠎ᠠ ᠶᠢᠨ 25 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠶᠠᠩ ᠵᠸᠦ )ᠲᠠᠢᠢᠯᠠᠨᠳ᠋ ᠤᠨ ᠤᠷᠢᠲᠤ ᠸᠠᠩ ᠪᠢᠦᠮᠢᠪᠤᠯᠧᠳᠦ᠋ᠯᠧᠳᠢ ᠶᠢᠨ ᠴᠢᠨᠲᠠᠷ ᠢ ᠡᠨᠡ ᠵᠢᠯ ᠤᠨ 10 ᠰᠠᠷ᠎ᠠ ᠶᠢᠨ 26 ᠤ ᠡᠲᠦᠷ ᠲᠡᠭᠲᠡᠭᠡᠬᠦ ᠪᠡᠷ ᠪᠤᠯᠤᠭᠰᠠᠨ ᠭᠡᠵᠦ ᠲᠠᠢᠢᠯᠠᠨᠳ᠋ ᠤᠨ ᠶᠡᠷᠦᠩᠬᠡᠢ ᠰᠠᠢᠢᠳ ᠤᠨ ᠠᠯᠪᠠᠨ ᠤ ᠦᠬᠦᠯᠡᠭᠴᠢ 25 ᠤ ᠡᠲᠦᠷ ᠤᠨᠴᠠᠯᠠᠪᠠ᠃ 10 ᠰᠠᠷ᠎ᠠ ᠶᠢᠨ 26 ᠤ ᠡᠲᠦᠷ ᠤᠯᠤᠰ ᠲᠠᠶᠠᠭᠠᠷ ᠤᠨ ᠬᠡᠪᠴᠶᠠᠨ ᠳ᠋ᠤ ᠨᠢᠭᠡ ᠡᠲᠦᠷ ᠤᠨ ᠠᠮᠠᠷᠠᠯᠲᠠ ᠲᠠᠯᠪᠢᠵᠤ᠂ ᠢᠷᠭᠡᠳ ᠤᠨ ᠴᠢᠨᠲᠠᠷ ᠢ ᠲᠡᠭᠲᠡᠭᠡᠬᠦ ᠶᠤᠰᠤᠯᠠᠯ ᠳ᠋ᠤ ᠤᠷᠤᠯᠴᠠᠬᠤ ᠳ᠋ᠤᠨᠢ ᠲᠦᠬᠦᠮ ᠦᠵᠡᠬᠦᠯᠬᠦ ᠪᠤᠯᠤᠨ᠎ᠠ᠃

    ᠲᠠᠢᠢᠯᠠᠨᠳ᠋ ᠤᠨ ᠤᠷᠢᠲᠤ ᠸᠠᠩ ᠪᠢᠦᠮᠢᠪᠤᠯᠧᠳᠦ᠋ᠯᠧᠳᠢ 2016 ᠤᠨ ᠤ 10 ᠰᠠᠷ᠎ᠠ ᠶᠢᠨ 13 ᠤ ᠡᠲᠦᠷ ᠨᠠᠰᠤ ᠪᠠᠷᠠᠪᠠ᠂ ᠨᠠᠰᠤᠨ ᠰᠡᠭᠦᠲᠡᠷ 89᠃ ᠲᠠᠶᠢᠯᠠᠨᠳ᠋ ᠤᠨ ᠶᠡᠷᠦᠩᠬᠡᠢ ᠰᠠᠶᠢᠳ ᠤᠨ ᠠᠯᠪᠠᠨ ᠲᠤᠬᠠᠢ ᠶᠢᠨ ᠤᠷᠤᠢ ᠲᠤᠰ ᠮᠡᠳᠡᠬᠡ ᠶᠢ ᠵᠠᠷᠯᠠᠵᠤ᠂ ᠲᠠᠶᠢᠯᠠᠨᠳ᠋ ᠤᠯᠤᠰ ᠤᠨ ᠭᠠᠰᠢᠭᠤᠳᠠᠯ ᠳᠤ ᠤᠷᠤᠵᠤ᠂ ᠵᠠᠰᠠᠭ ᠤᠨ ᠤᠷᠳᠤᠨ ᠪᠤᠯᠤᠨ ᠰᠤᠷᠭᠠᠭᠤᠯᠢ ᠨᠤᠭᠤᠳ ᠲᠤᠬᠠᠢ ᠶᠢᠨ ᠡᠳᠤᠷ ᠡᠴᠡ ᠡᠬᠢᠯᠡᠨ 30 ᠡᠳᠤᠷ ᠲᠤᠭ ᠪᠦᠬᠦᠢᠢᠯᠬᠡᠨ ᠭᠠᠰᠢᠭᠤᠲᠠᠨ᠂ ᠵᠠᠰᠠᠭ ᠤᠨ ᠤᠷᠳᠤᠨ ᠤ ᠠᠯᠪᠠᠳᠠᠳ 1 ᠵᠢᠯ ᠪᠡᠯᠪᠡᠰᠤᠷᠠᠯ ᠤᠨ ᠬᠤᠪᠴᠠᠰᠤ ᠡᠮᠦᠰᠴᠦ᠂ ᠡᠩ ᠤᠨ ᠠᠷᠠᠳ ᠰᠠᠶᠢᠨ ᠲᠤᠷ᠎ᠠ ᠡᠴᠡ ᠪᠠᠨ ᠪᠡᠯᠪᠡᠰᠤᠷᠠᠯ ᠬᠦᠢᠴᠡᠳᠭᠡᠨ᠎ᠡ ᠭᠡᠵᠡᠢ᠃

    ᠨᠢᠲᠤᠨᠤᠨ ᠤ 12 ᠰᠠᠷ᠎ᠠ ᠳ᠋ᠤ ᠤᠷᠢᠲᠤ ᠸᠠᠩ ᠪᠢᠦᠮᠢᠪᠤᠯᠧᠳᠦ᠋ᠯᠧᠳᠢ ᠶᠢᠨ ᠬᠦᠦ ᠮᠠᠬ᠎ᠠ ᠸᠠᠵᠢᠷᠧᠯᠦ᠋ᠩᠺᠤᠨ ᠸᠠᠩ ᠤᠨ ᠰᠠᠭᠤᠷᠢᠨ ᠢ ᠵᠠᠯᠭᠠᠮᠵᠢᠯᠠᠪᠠ᠂ ᠤᠷᠢᠲᠤ ᠸᠠᠩ ᠤᠨ ᠴᠢᠨᠲᠠᠷ ᠢ ᠲᠡᠭᠲᠡᠭᠡᠭ᠍ᠰᠡᠨ ᠤ ᠬᠤᠢᠢᠨ᠎ᠠ ᠸᠠᠩ ᠤᠨ ᠲᠢᠲᠢᠮ ᠵᠡᠬᠦᠬᠦ ᠶᠤᠰᠤᠯᠠᠯ ᠢ ᠶᠠᠪᠤᠭᠲᠠᠭᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120878936