蒙古文网站Logo
ᠰᠢᠨᠬᠤᠸᠠ ᠮᠤᠩᠭ᠋ᠤᠯ ᠨᠧᠲ

ᠤᠷᠤᠰ ᠨᠢᠬᠡᠨ ᠰᠦᠷᠳᠡᠭᠦᠯᠤᠯ ᠤᠨ ᠪᠦᠯᠦᠭᠳᠡᠨ ᠤ ᠬᠤᠤᠪᠢᠯᠳᠤᠯᠭ᠎ᠠ ᠶᠢ ᠠᠮᠵᠢᠯᠳᠠ ᠲᠠᠢ ᠪᠤᠲᠠ ᠨᠢᠷᠭᠡᠪᠡ

2017-04-27 11:11

    ᠤᠷᠤᠰ ᠤᠨ ᠬᠤᠯᠪᠤᠭᠠᠨ ᠤ ᠠᠮᠦᠷ ᠲᠦᠪᠰᠢᠨ ᠤ ᠲᠤᠪᠴᠢᠶ᠎ᠠ 26 ᠤ ᠡᠳᠦᠷ ᠤᠨ ᠨᠡᠶᠢᠲᠡᠯᠡᠭᠰᠡᠨ ᠮᠡᠳᠡᠭᠡᠨ ᠳᠤ ᠪᠠᠨ᠂ ᠨᠢᠭᠡᠨ ᠰᠦᠷᠳᠡᠬᠦᠯᠦᠯ ᠤᠨ ᠪᠦᠯᠦᠭᠳᠡᠨ ᠤ ᠲᠠᠭᠠᠷᠢᠯᠳᠠ ᠶᠢ ᠠᠮᠵᠢᠯᠳᠠ ᠲᠠᠢ ᠪᠤᠲᠠ ᠨᠢᠷᠭᠡᠪᠡ᠃ ᠲᠤᠰ ᠤᠳᠠᠭᠠᠨ ᠤ ᠬᠤᠤᠪᠢᠯᠳᠤᠯᠭ᠎ᠠ ᠶ᠋ᠢ ᠲᠠᠪᠠᠷᠠᠮᠠᠳᠠᠭᠠᠢ ᠪᠦᠯᠦᠭᠲᠡᠨ ᠤ   《 ᠢᠰᠯᠠᠮ ᠤᠯᠤᠰ》 ᠤᠨ ᠳᠡᠮᠵᠢᠭ᠍ᠴᠢᠳ ᠤᠷᠤᠰ ᠤᠨ ᠠᠯᠤᠰ ᠲᠤᠷᠤᠨᠠᠲᠤ ᠪᠦᠰᠡ ᠨᠤᠳᠤᠭ ᠤᠨ ᠰᠠᠺᠠᠯᠢᠨ(Sakhalin) ᠠᠷᠠᠯ ᠢ ᠳᠠᠭᠠᠷᠢᠨ ᠡᠵᠡᠯᠡᠬᠦ ᠶᠢᠨ ᠲᠦᠯᠦᠭᠡ ᠵᠤᠬᠢᠶᠠᠨ ᠪᠠᠢᠶᠭᠤᠯᠤᠬᠰᠠᠨ ᠶᠤᠮ ᠭᠡᠵᠡᠢ᠃

    ᠰᠠᠺᠠᠯᠢᠨ ᠠᠷᠠᠯ ᠤᠨ ᠭᠠᠵᠠᠷ ᠵᠦᠢ ᠶᠢᠨ ᠪᠠᠶᠢᠷᠢᠯᠠᠯ ᠲᠦᠢᠯ ᠤᠨ ᠴᠢᠬᠤᠯᠠ᠂ ᠤᠷᠤᠰ ᠤᠨ ᠵᠡᠬᠦᠨ ᠬᠡᠰᠡᠭ ᠲᠡᠬᠢ ᠴᠢᠬᠤᠯᠠ ᠬᠠᠷᠠᠭᠤᠯ ᠤᠨ ᠦᠷᠳᠡᠭᠡ ᠬᠡᠳᠡᠭ᠃ ᠲᠤᠰ ᠭᠠᠵᠠᠷ ᠲᠤ ᠲᠤᠰᠤᠨ ᠤ ᠡᠬᠢ ᠪᠠᠶᠠᠯᠢᠭ ᠡᠯᠪᠡᠭ᠌᠌ ᠪᠤᠯᠬᠤᠷ ᠤᠷᠤᠰ ᠤᠨ ᠪᠠᠶᠢᠭᠠᠯᠢ ᠶᠢᠨ ᠰᠢᠳᠠᠮᠠᠬᠠᠢ ᠬᠡᠢ ᠶᠢᠨ ᠤᠯᠠᠨ ᠺᠤᠮᠫᠠᠨᠢ ᠶᠢ ᠲᠠᠳᠠᠨ ᠬᠡᠳᠤᠨ ᠠᠷᠪᠠᠨ ᠳ᠋ᠦ᠋ᠩᠰᠢᠭᠤᠷ ᠳ᠋ᠤᠯᠯᠠᠷ ᠤᠨ ᠬᠦᠷᠦᠩᠬᠡ ᠤᠷᠤᠭᠤᠯᠤᠭᠤᠯᠤᠭᠰᠠᠨ ᠪᠠᠶᠢᠨ᠎ᠠ᠃

    ᠤᠷᠤᠰ ᠤᠨ ᠬᠤᠯᠪᠤᠭᠠᠨ ᠤ ᠠᠮᠦᠷ ᠲᠦᠪᠰᠢᠨ ᠤ ᠲᠤᠪᠴᠢᠶ᠎ᠠ ᠶᠢᠨ ᠬᠠᠷᠢᠭᠤᠴᠠᠯᠭᠠᠳᠠᠨ ᠤ ᠶᠠᠷᠢᠭᠰᠠᠨ ᠢᠶᠡᠷ᠂ ᠲᠡᠳᠡ ᠰᠡᠵᠢᠭᠳᠡᠨ ᠢ ᠬᠠᠶᠢᠨ ᠪᠠᠷᠢᠪᠴᠢᠯᠠᠬᠤ ᠦᠶ᠎ᠡ ᠳᠤ ᠦᠪᠡᠷ ᠶᠢᠡᠨ ᠦᠢᠯᠡᠳᠦᠭᠰᠡᠨ ᠳᠡᠯᠪᠡᠷᠡᠭᠦᠯᠬᠦ ᠡᠳ᠋᠂ ᠤᠯᠠᠨ ᠭᠠᠷ ᠤᠲᠠᠰᠤ ᠵᠢᠴᠢ ᠲᠡᠰᠦᠷᠡᠬᠦ ᠪᠦᠮᠪᠦᠬᠡ ᠬᠢᠬᠦ ᠤᠳᠤᠷᠢᠳᠤᠮᠵᠢ ᠵᠡᠷᠬᠡ ᠶᠢ ᠢᠯᠡᠷᠡᠭᠦᠯᠪᠡ᠃ ᠬᠤᠶᠡᠷ ᠰᠡᠵᠢᠭᠳᠡᠨ ᠤ ᠨᠢᠭᠡ ᠨᠢ ᠲᠤᠮᠲᠠ ᠠᠽᠢᠶ᠎ᠠ ᠶᠢᠨ ᠨᠢᠬᠡ ᠤᠯᠤᠰ ᠤᠨ ᠢᠷᠬᠡᠨ᠂ ᠨᠥᠬᠦᠬᠡ ᠨᠢ ᠤᠷᠤᠰ ᠤᠨ ᠢᠷᠬᠡᠨ ᠭᠡᠵᠡᠢ᠃

    ᠡᠨᠡ ᠰᠠᠷ᠎ᠠ ᠶᠢᠨ ᠡᠬᠢᠨ ᠳᠤ ᠰᠠᠨᠲ ᠫᠧᠲ᠋ᠧᠷᠪᠦ᠋ᠷᠡᠭ᠌ ᠲᠤ ᠡᠭᠦᠰᠦᠭᠰᠡᠨ ᠮᠧᠲ᠋ᠷᠣ᠋ ᠲᠡᠯᠪᠡᠷᠡᠯᠳᠡ ᠶᠢᠨ ᠰᠦᠷᠳᠡᠬᠦᠯᠦᠯ ᠤᠨ ᠠᠵᠢᠯᠯᠠᠭ᠎ᠠ ᠶᠢᠨ ᠲᠠᠷᠠᠭ᠎ᠠ᠂ ᠤᠷᠤᠰ ᠰᠦᠷᠳᠡᠬᠦᠯᠦᠯ ᠤᠨ ᠠᠶᠤᠯ ᠲᠦᠭᠰᠢᠬᠦᠷᠢ ᠶᠢ ᠳᠡᠭᠡᠲᠦ ᠬᠡᠮᠵᠢᠶ᠎ᠡ ᠪᠡᠷ ᠰᠡᠷᠡᠮᠵᠢᠯᠡᠬᠦ ᠪᠤᠯᠪᠠ᠃

    ᠲᠤᠰ ᠰᠠᠷ᠎ᠠ ᠶᠢᠨ 3 ᠤ ᠡᠳᠦᠷ᠂ ᠰᠠᠨᠲ ᠫᠧᠲ᠋ᠧᠷᠪᠦ᠋ᠷᠡᠭ᠌  ᠤᠨ ᠮᠧᠲ᠋ᠷᠣ᠋ ᠵᠠᠮ ᠤᠨ ᠨᠢᠬᠡᠨ ᠦᠷᠳᠡᠬᠡ ᠪᠤᠯᠤᠨ ᠮᠡᠷᠬᠡᠵᠢᠯ ᠤᠨ ᠲᠡᠭᠡᠳᠤ ᠰᠤᠷᠭᠠᠭᠤᠯᠢ ᠶᠢᠨ ᠦᠷᠲᠡᠭᠡᠨ ᠤ ᠬᠤᠭᠤᠷᠤᠨᠲᠤ ᠳᠡᠯᠪᠡᠷᠡᠯᠲᠡ ᠶᠢᠨ ᠤᠰᠤᠯ ᠡᠭᠦᠰᠴᠦ᠂ 14 ᠬᠦᠮᠦᠨ ᠡᠨᠳᠡᠵᠤ᠂ 50 ᠭᠠᠷᠤᠢ ᠬᠦᠮᠦᠨ ᠰᠢᠷᠬᠠᠲᠦᠪᠡ᠃ ᠤᠷᠤᠰ ᠤᠨ ᠬᠠᠤᠯᠢ ᠬᠠᠮᠠᠭᠠᠯᠠᠬᠤ ᠰᠠᠯᠠᠭ᠎ᠠ ᠮᠦᠴᠢᠷ 10 ᠰᠢᠬᠠᠮ ᠰᠡᠵᠢᠭᠳᠡᠨ ᠢ ᠨᠢᠬᠡᠨᠳᠡ ᠪᠠᠷᠢᠪᠴᠢᠯᠠᠪᠠ᠃ (ᠤᠷᠴᠢᠭᠤᠯᠤᠭᠰᠠᠨ ᠨᠢ ᠲᠠᠳᠤᠯᠭ᠎ᠠ ᠶᠢᠨ ᠰᠤᠷᠤᠭᠴᠢ ᠵᠢᠢ ᠶᠠᠨ ᠺᠦᠨ) 

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120691120883255