ᠸᠸᠨ᠋ᠸᠽᠦ᠋ᠸᠯᠠ ᠠᠮᠧᠷᠢᠺᠠ ᠲᠢᠪ ᠤᠨ ᠤᠯᠤᠰ ᠤᠳ ᠤᠨ ᠵᠤᠬᠢᠶᠠᠨ ᠪᠠᠢᠢᠭᠤᠯᠤᠯᠲᠠ ᠡᠴᠡ ᠭᠠᠷᠬᠤ ᠪᠡᠷ ᠵᠠᠷᠯᠠᠪᠠ 2017-04-27 16:29

    ᠰᠢᠨᠬᠤᠸᠠ ᠬᠤᠷᠢᠶ᠎ᠠ   ᠺᠠᠷᠠᠺᠠᠰ ᠤᠨ 4 ᠰᠠᠷ᠎ᠠ ᠶᠢᠨ 26 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠰᠢᠦᠢ ᠶᠸ᠂ ᠸᠠᠩ ᠶᠢᠩ ) ᠠᠮᠧᠷᠢᠺᠠ ᠲᠢᠪ ᠤᠨ ᠤᠯᠤᠰ ᠤᠳ ᠤᠨ ᠵᠤᠬᠢᠶᠠᠨ ᠪᠠᠢᠢᠭᠤᠯᠤᠯᠲᠠ ᠸᠸᠨ᠋ᠸᠽᠦ᠋ᠸᠯᠠ ᠶᠢᠨ ᠲᠤᠲᠤᠭᠠᠲᠤ ᠶᠠᠪᠤᠲᠠᠯ ᠳ᠋ᠤ ᠭᠠᠷ ᠲᠦᠷᠦᠭᠰᠡᠨ ᠪᠤᠯᠬᠤᠷ ᠸᠸᠨ᠋ᠸᠽᠦ᠋ᠸᠯᠠ ᠲᠤᠰ ᠵᠤᠬᠢᠶᠠᠨ ᠪᠠᠢᠢᠭᠤᠯᠤᠯᠲᠠ ᠡᠴᠡ ᠭᠠᠷᠬᠤ ᠪᠡᠷ ᠪᠤᠯᠤᠭᠰᠠᠨ ᠭᠡᠵᠦ ᠲᠤᠰ ᠤᠯᠤᠰ ᠤᠨ ᠭᠠᠲᠠᠭᠠᠲᠤ ᠶᠠᠪᠤᠲᠠᠯ ᠤᠨ ᠶᠠᠮᠤᠨ ᠤ ᠰᠠᠢᠢᠳ 26 ᠤ ᠦᠲᠡ ᠶᠢᠨ ᠬᠤᠢᠢᠨ᠎ᠠ ᠵᠠᠷᠯᠠᠪᠠ᠃

    ᠰᠡᠬᠦᠯ ᠤᠨ ᠦᠶ᠎ᠠ ᠳ᠋ᠤ᠂ ᠠᠮᠧᠷᠢᠺᠠ ᠲᠢᠪ ᠤᠨ ᠤᠯᠤᠰ ᠤᠳ ᠤᠨ ᠵᠤᠬᠢᠶᠠᠨ ᠪᠠᠢᠢᠭᠤᠯᠤᠯᠲᠠ ᠡᠴᠡ ᠤᠯᠠᠨ ᠤᠲᠠᠭ᠎ᠠ ᠤᠨᠴᠠᠭᠠᠢ ᠬᠤᠷᠠᠯ ᠬᠤᠷᠠᠯᠲᠤᠵᠤ ᠸᠸᠨ᠋ᠸᠽᠦ᠋ᠸᠯᠠ ᠶᠢᠨ ᠠᠰᠠᠭᠤᠲᠠᠯ ᠢ ᠶᠠᠷᠢᠯᠴᠠᠪᠠ᠃ ᠡᠬᠦᠨ ᠳ᠋ᠤ ᠲᠤᠰ ᠤᠯᠤᠰ ᠤᠨ ᠶᠡᠷᠦᠩᠬᠡᠢᠢᠯᠡᠭᠴᠢ ᠮᠠᠳᠦ᠋ᠷᠤ᠋ ᠠᠮᠧᠷᠢᠺᠠ ᠲᠢᠪ ᠤᠨ ᠤᠯᠤᠰ ᠤᠳ ᠤᠨ ᠵᠤᠬᠢᠶᠠᠨ ᠪᠠᠢᠢᠭᠤᠯᠤᠯᠲᠠ ᠲᠤᠭᠲᠠᠭᠠᠯ ᠡᠴᠡ ᠭᠠᠲᠠᠭᠤᠷ ᠠᠵᠢᠯᠯᠠᠵᠤ᠂ ᠮᠠᠨ ᠤ ᠤᠯᠤᠰ ᠤᠨ ᠲᠤᠲᠤᠭᠠᠲᠤ ᠶᠠᠪᠤᠲᠠᠯ ᠳ᠋ᠤ ᠭᠠᠷ ᠲᠦᠷᠦᠵᠦ 《ᠲᠦᠷᠦ ᠶᠢᠨ ᠡᠷᠬᠢᠯᠲᠡ》 ᠶᠠᠪᠤᠭᠤᠯᠬᠤ ᠰᠠᠨᠠᠭ᠎ᠠ ᠲᠠᠢ ᠭᠡᠵᠡᠢ᠃

    ᠠᠮᠧᠷᠢᠺᠠ ᠲᠢᠪ ᠤᠨ ᠤᠯᠤᠰ ᠤᠳ ᠤᠨ ᠵᠤᠬᠢᠶᠠᠨ ᠪᠠᠢᠢᠭᠤᠯᠤᠯᠲᠠ ᠶᠢᠨ ᠲᠤᠭᠲᠠᠭᠠᠯ ᠶᠢᠡᠷ ᠲᠤᠰ ᠵᠤᠬᠢᠶᠠᠨ ᠪᠠᠢᠢᠭᠤᠯᠤᠯᠲᠠ ᠡᠴᠡ ᠭᠠᠷᠬᠤ ᠳ᠋ᠤ 24 ᠰᠠᠷ᠎ᠠ ᠶᠢᠨ ᠬᠤᠭᠤᠴᠠᠭ᠎ᠠ ᠬᠡᠷᠡᠭᠰᠡᠨ᠎ᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
010070230030000000000000011120791120885336