蒙古文网站Logo
ᠰᠢᠨᠬᠤᠸᠠ ᠮᠤᠩᠭ᠋ᠤᠯ ᠨᠧᠲ

ᠲᠦᠷᠺ᠄ ᠪᠠᠯ ᠰᠠᠷ᠎ᠠ ᠶᠢᠨ ᠠᠶᠠᠯᠠᠯ ᠶᠢᠡᠷ ᠵᠢᠭᠤᠯᠴᠢᠯᠠᠯ ᠤᠨ ᠠᠵᠤ ᠦᠢᠯᠡᠰ ᠶᠢᠡᠨ ᠬᠦᠭ᠍ᠵᠢᠬᠦᠯᠬᠦ ᠪᠡᠷ ᠡᠷᠢᠯᠬᠢᠯᠡᠵᠦ ᠪᠤᠢ

2017-04-27 16:32

    ᠰᠢᠨᠬᠤᠸᠠ ᠬᠤᠷᠢᠶ᠎ᠠ   ᠢᠰᠲ᠋ᠠᠨᠪᠦ᠋ᠯ ᠤᠨ 4 ᠰᠠᠷ᠎ᠠ ᠶᠢᠨ 27 ᠤᠨ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠢ ᠠᠢ ᠵᠢᠶᠦ᠋ᠨ ) ᠰᠦᠷᠲᠡᠬᠦᠯᠦᠨ ᠲᠠᠭᠠᠷᠢᠯᠲᠠ ᠪᠠ ᠵᠠᠰᠠᠭ ᠤᠨ ᠪᠠᠢᠢᠲᠠᠯ ᠲᠤᠭᠲᠠᠭᠤᠨ ᠦᠭᠡᠢ ᠵᠡᠷᠭᠡ ᠰᠢᠯᠲᠠᠭᠠᠨ ᠡᠴᠡ ᠲᠦᠷᠺ ᠤᠨ ᠠᠶᠠᠯᠠᠯ ᠵᠢᠭᠤᠯᠴᠢᠯᠠᠯ ᠤᠨ ᠦᠢᠯᠡᠰ ᠤᠨ ᠬᠦᠭ᠍ᠵᠢᠯᠲᠠ ᠠᠨᠠᠢᠢᠬᠠᠨ ᠪᠤᠯᠤᠭᠰᠠᠨ ᠶᠢᠡᠷ᠂ ᠲᠤᠰ ᠤᠯᠤᠰ ᠤᠨ ᠬᠢᠨ ᠲᠤᠮᠲᠠᠲᠤᠴᠤᠳ ᠢ ᠪᠠᠭᠲᠠᠭᠠᠭᠰᠠᠨ ᠭᠠᠲᠠᠭᠠᠲᠤ ᠶᠢᠨ ᠬᠦᠮᠦᠰ ᠤᠨ ᠲᠦᠷᠺ ᠲᠤ ᠤᠴᠢᠵᠤ ᠬᠤᠷᠢᠮ ᠨᠠᠢᠢᠷ᠂ ᠪᠠᠯ ᠰᠠᠷ᠎ᠠ ᠶᠢᠨ ᠠᠶᠠᠯᠠᠯ ᠵᠢᠭᠤᠯᠴᠢᠯᠠᠯ ᠬᠢᠬᠦ ᠶᠢ ᠪᠠᠶᠠᠷᠯᠠᠨ ᠤᠭᠲᠤᠵᠤ᠂ ᠲᠤᠰ ᠤᠯᠤᠰ ᠤᠨ ᠶᠢᠡᠨ ᠠᠶᠠᠯᠠᠯ ᠵᠢᠭᠤᠯᠴᠢᠯᠠᠯ ᠤᠨ ᠦᠢᠯᠡᠰ ᠢ ᠬᠦᠭ᠍ᠵᠢᠬᠦᠯᠬᠦ ᠪᠡᠷ ᠡᠷᠢᠯᠬᠢᠯᠡᠵᠦ ᠪᠠᠢᠢᠨ᠎ᠠ᠃

    ᠲᠦᠷᠺ ᠤᠨ ᠪᠠᠭᠤᠲᠠᠯ ᠤᠨ ᠶᠡᠷᠦᠩᠬᠡᠢ ᠲᠠᠭᠠᠭᠠᠮᠠᠯ ᠤᠨ ᠨᠡᠢᠢᠭᠡᠮᠯᠢᠭ᠌ ᠤᠨ ᠬᠡᠷᠡᠭ ᠮᠡᠲᠡᠭᠴᠢ ᠰᠤᠷᠪᠤᠯᠵᠢᠯᠠᠭ᠎ᠠ ᠬᠦᠯᠢᠶᠡᠨ ᠶᠠᠷᠢᠬᠤ ᠳ᠋ᠠᠭᠠᠨ᠂ 2011 ᠤᠨ ᠳ᠋ᠤ ᠡᠨᠡᠳᠭᠡᠭ᠌ ᠤᠨ ᠨᠢᠭᠡ ᠭᠡᠷ ᠪᠦᠯᠢ ᠲᠦᠷᠺ ᠤᠨ ᠭᠠᠵᠠᠷ ᠤᠨ ᠲᠤᠮᠲᠠᠲᠤ ᠲᠠᠩᠬᠢᠰ ᠤᠨ ᠬᠠᠪᠢ ᠲᠦᠰᠦᠷ ᠤᠨ ᠨᠢᠭᠡ ᠪᠠᠭᠤᠲᠠᠯ ᠢ 100 ᠲᠦᠮᠡᠨ ᠡᠸᠦ᠋ᠷᠤ᠋ ᠪᠡᠷ ᠲᠦᠷᠢᠶᠡᠰᠦᠯᠡᠨ ᠬᠤᠷᠢᠮ ᠨᠠᠢᠢᠷ ᠡᠷᠬᠢᠯᠡᠪᠡ᠂ ᠡᠨᠡ ᠨᠢ ᠮᠡᠷᠭᠡᠵᠢᠯ ᠤᠨ ᠬᠢᠨ ᠳ᠋ᠤ ᠬᠤᠷᠢᠮ ᠨᠠᠢᠢᠷ ᠶᠢᠡᠷ ᠠᠶᠠᠯᠠᠯ ᠵᠢᠭᠤᠯᠴᠢᠯᠠᠯ ᠢ ᠬᠦᠭ᠍ᠵᠢᠬᠦᠯᠬᠦ ᠲᠠᠯᠲᠠ ᠬᠦᠴᠦᠨ ᠢ ᠲᠠᠨᠢᠭᠤᠯᠪᠠ ᠭᠡᠵᠡᠢ᠃

    ᠮᠡᠲᠡᠭᠡᠯᠡᠭᠰᠡᠡ ᠶᠢᠡᠷ᠂ ᠡᠨᠡᠳᠭᠡᠭ᠍ᠴᠤᠳ ᠵᠢᠯ ᠪᠦᠷᠢ 60 ᠳ᠋ᠦᠩᠰᠢᠭᠤᠷ ᠳ᠋ᠤᠯᠯᠠᠷ ᠵᠠᠷᠤᠴᠠᠭᠤᠯᠤᠨ ᠭᠠᠲᠠᠭᠠᠲᠤ ᠳ᠋ᠤ ᠭᠠᠷᠴᠤ ᠬᠤᠷᠢᠮ ᠨᠠᠢᠢᠷ ᠬᠢᠲᠡᠭ᠃ ᠡᠭᠦᠨ ᠳ᠋ᠤ 600  ᠡᠴᠡ 800 ᠬᠦᠮᠦᠨ ᠤ ᠵᠠᠷᠤᠲᠠᠯ ᠨᠢ ᠵᠠᠭᠤᠨ ᠲᠦᠮᠡᠨ ᠳ᠋ᠤᠯᠯᠠᠷ ᠢ ᠬᠡᠲᠦᠷᠡᠵᠦ ᠪᠠᠢᠢᠲᠠᠭ᠃ ᠲᠦᠷᠺ ᠤᠲᠤᠬᠠᠨ ᠪᠤᠯᠲᠠᠯ᠎ᠠ ᠡᠨᠡᠳᠭᠡᠭ᠌ ᠬᠤᠷᠢᠮ ᠢ 20  ᠡᠴᠡ 25 ᠤᠲᠠᠭ᠎ᠠ ᠵᠤᠬᠢᠶᠠᠨ ᠪᠠᠢᠢᠭᠤᠯᠪᠠ᠃

    ᠰᠡᠬᠦᠯ ᠤᠨ ᠦᠶ᠎ᠠ ᠳ᠋ᠤ᠂ ᠲᠦᠷᠺ ᠲᠤ ᠰᠦᠷᠲᠡᠬᠦᠯᠦᠨ ᠲᠠᠭᠠᠷᠢᠬᠤ ᠬᠡᠷᠡᠭ ᠤᠯᠠᠨ ᠭᠠᠷᠤᠭᠰᠠᠨ ᠪᠠ ᠵᠠᠰᠠᠭ ᠤᠨ ᠪᠠᠢᠢᠲᠠᠯ ᠲᠤᠭᠲᠠᠭᠤᠨ ᠦᠭᠡᠢ᠂ ᠲᠦᠷᠺ ᠪᠤᠯᠤᠨ ᠤᠷᠤᠰ᠂ ᠡᠸᠦ᠋ᠷᠦᠫᠠ ᠶᠢᠨ ᠬᠤᠯᠪᠤᠭᠠᠨ ᠤ ᠭᠡᠰᠢᠬᠦᠨ ᠤᠯᠤᠰ ᠤᠨ ᠬᠤᠭᠤᠷᠤᠨᠲᠤ ᠶᠠᠷᠰᠢᠭ ᠤᠴᠢᠷ ᠲᠠᠰᠤᠷᠠᠬᠤ ᠦᠭᠡᠢ ᠡᠴᠡ ᠪᠤᠯᠵᠤ ᠭᠠᠲᠠᠭᠠᠲᠤ ᠶᠢᠨ ᠵᠢᠭᠤᠯᠴᠢᠨ ᠶᠠᠪᠤᠬᠤ ᠲᠤᠰᠤᠮ ᠴᠦᠬᠡᠷᠡᠪᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120885399