蒙古文网站Logo
ᠰᠢᠨᠬᠤᠸᠠ ᠮᠤᠩᠭ᠋ᠤᠯ ᠨᠧᠲ

ᠶᠠᠫᠤᠨ ᠤ ᠲᠡᠷᠢᠬᠦᠨ ᠰᠠᠢᠢᠳ ᠠᠪᠸ ᠰᠢᠨᠽᠤ᠋ ᠤᠷᠤᠰ ᠲᠤ ᠬᠦᠷᠪᠡ

2017-04-28 12:08

    ᠰᠢᠨᠬᠤᠸᠠ ᠬᠤᠷᠢᠶ᠎ᠠ   ᠮᠤᠰᠺᠸᠠ ᠶᠢᠨ 4 ᠰᠠᠷ᠎ᠠ ᠶᠢᠨ 27 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠠᠩ ᠴᠸᠨ ᠳ᠋ᠢ ) 27 ᠤ ᠡᠲᠦᠷ ᠤᠷᠤᠰ ᠤᠨ ᠶᠡᠷᠦᠩᠬᠡᠢᠢᠯᠡᠭᠴᠢ ᠫᠦᠲ᠋ᠢᠨ ᠶᠠᠫᠤᠨ ᠤ ᠲᠡᠷᠢᠬᠦᠨ ᠰᠠᠢᠢᠳ ᠠᠪᠸ ᠰᠢᠨᠽᠤ᠋ ᠶᠢ ᠬᠦᠯᠢᠶᠠᠨ ᠠᠭᠤᠯᠵᠠᠵᠤ᠂ ᠬᠤᠶᠠᠷ ᠲᠠᠯ᠎ᠠ ᠪᠡᠷ ᠶᠢᠡᠨ ᠡᠮᠦᠨᠡᠲᠦ ᠶᠤᠵᠢᠨᠢᠾ ᠺᠤᠷᠢᠯᠰᠺᠢᠾ ᠤᠰᠲ᠋ᠷᠤᠸᠤᠪ ( ᠶᠠᠫᠤᠨ ᠤ ᠬᠢᠨ ᠬᠠᠪᠦᠶᠤᠨᠲ᠋ᠤ᠋ ᠠᠷᠠᠯ ᠭᠡᠲᠡᠭ) ᠠᠷᠠᠯ ᠤᠯᠲᠤᠷᠢᠭ ᠤᠳ ᠢ ᠬᠠᠮᠲᠤᠷᠠᠨ ᠨᠡᠬᠡᠬᠡᠨ ᠠᠰᠢᠭᠯᠠᠬᠤ᠂ ᠡᠩᠬᠡ ᠲᠠᠢᠢᠪᠤᠩ ᠤᠨ ᠠᠰᠠᠭᠤᠲᠠᠯ ᠤᠨ ᠬᠡᠯᠡᠯᠴᠡᠭᠡᠷ ᠤᠨ ᠲᠠᠯ᠎ᠠ ᠪᠡᠷ ᠦᠵᠡᠯ ᠪᠤᠲᠤᠯ ᠶᠢᠡᠨ ᠰᠤᠯᠢᠯᠴᠠᠪᠠ᠃

    ᠤᠷᠤᠰ ᠤᠨ ᠶᠡᠷᠦᠩᠬᠡᠢᠢᠯᠡᠭᠴᠢ ᠶᠢᠨ ᠠᠯᠪᠠᠨ ᠰᠠᠢᠢᠲ ᠲᠤᠬᠠᠢ ᠶᠢᠨ ᠡᠲᠦᠷ ᠢᠯᠡᠷᠬᠡᠢᠢᠯᠡᠯᠲᠡ ᠨᠡᠢᠢᠲᠡᠯᠡᠵᠦ᠂ ᠬᠤᠶᠠᠷ ᠲᠠᠯ᠎ᠠ ᠪᠡᠷ ᠶᠢᠡᠨ ᠡᠮᠦᠨᠡᠲᠦ ᠶᠤᠵᠢᠨᠢᠾ ᠺᠤᠷᠢᠯᠰᠺᠢᠾ ᠤᠰᠲ᠋ᠷᠤᠸᠤᠪ ᠠᠷᠠᠯ ᠤᠯᠲᠤᠷᠢᠭ ᠤᠨ ᠡᠳ᠋ ᠤᠨ ᠵᠠᠰᠠᠭ ᠤᠨ ᠬᠠᠮᠲᠤᠷᠠᠯᠴᠠᠭᠠᠨ ᠳ᠋ᠤ ᠤᠰᠤᠨ ᠤ ᠪᠦᠲᠦᠭᠡᠭ᠍ᠲᠡᠬᠦᠨ᠂ ᠠᠶᠠᠯᠠᠯ ᠵᠢᠭᠤᠯᠴᠢᠯᠠᠯ ᠤᠨ ᠰᠠᠯᠪᠤᠷᠢ ᠳ᠋ᠤ ᠯᠡ ᠠᠵᠢᠯᠯᠠᠬᠤ ᠪᠡᠷ ᠪᠤᠯᠪᠠ᠂ ᠬᠤᠶᠠᠷ ᠤᠯᠤᠰ ᠤᠨ ᠲᠡᠷᠢᠬᠦᠨ ᠬᠡᠯᠡᠯᠴᠡᠭᠡᠷ ᠤᠨ ᠪᠢᠴᠢᠭ᠌ ᠲᠤᠭᠲᠠᠭᠰᠠᠨ ᠦᠭᠡᠢ᠃ ᠡᠭᠦᠨ ᠡᠴᠡ ᠭᠠᠲᠠᠨ᠎ᠠ ᠬᠤᠶᠠᠷ ᠲᠠᠯ᠎ᠠ ᠪᠡᠷ ᠶᠢᠡᠨ ᠠᠷᠠᠯᠵᠢᠶ᠎ᠠ ᠬᠤᠲᠠᠯᠲᠤᠭ᠎ᠠ᠂ ᠡᠨ᠋ᠸᠷᠬᠢ᠂ ᠰᠤᠶᠤᠯ ᠢᠷᠭᠡᠨᠰᠢᠯ ᠤᠨ ᠰᠠᠯᠪᠤᠷᠢ ᠵᠢᠴᠢ ᠰᠤᠯᠤᠩᠭ᠋ᠤᠰ ᠬᠤᠢᠢᠭ ᠤᠨ ᠠᠰᠠᠭᠤᠲᠠᠯ ᠤᠨ ᠲᠤᠭᠤᠷᠢᠨ ᠳ᠋ᠤ ᠬᠠᠮᠲᠤᠷᠠᠯᠴᠠᠭ᠎ᠠ ᠪᠠᠨ ᠴᠢᠩᠭ᠋ᠠᠳᠬᠠᠬᠤ ᠶᠢ ᠵᠦᠪᠰᠢᠶᠡᠷᠡᠪᠡ ᠭᠡᠵᠡᠢ᠃

    ᠨᠢᠲᠤᠨᠤᠨ ᠤ 12 ᠰᠠᠷ᠎ᠠ ᠳ᠋ᠤ ᠤᠷᠤᠰ ᠤᠨ ᠶᠡᠷᠦᠩᠬᠡᠢᠢᠯᠡᠭᠴᠢ ᠫᠦᠲ᠋ᠢᠨ ᠶᠠᠫᠤᠨ ᠳᠤ ᠠᠢᠢᠯᠴᠢᠯᠠᠵᠤ ᠪᠠᠢᠢᠬᠤ ᠬᠤᠭᠤᠴᠠᠭᠠᠨ ᠳ᠋ᠤ ᠡᠮᠦᠨᠡᠲᠦ ᠶᠤᠵᠢᠨᠢᠾ ᠺᠤᠷᠢᠯᠰᠺᠢᠾ ᠤᠰᠲ᠋ᠷᠤᠸᠤᠪ ᠠᠷᠠᠯ ᠤᠯᠲᠤᠷᠢᠭ ᠤᠨ ᠠᠰᠠᠭᠤᠲᠠᠯ ᠤᠨ ᠲᠤᠬᠠᠢ ᠦᠵᠡᠯ ᠪᠤᠲᠤᠯ ᠶᠢᠡᠨ ᠰᠤᠯᠢᠯᠴᠠᠭᠰᠠᠨ ᠴᠤ ᠡᠳ᠋ ᠤᠨ ᠵᠠᠰᠠᠭ ᠤᠨ ᠬᠠᠮᠲᠤᠷᠠᠯᠴᠠᠭ᠎ᠠ ᠨᠢ ᠵᠠᠪᠠᠯ ᠤᠷᠤᠰ ᠤᠨ ᠬᠠᠦᠯᠢ ᠲᠤᠭᠲᠠᠭᠠᠮᠵᠢ  ᠶᠢᠨ ᠬᠦᠷᠢᠶᠡᠨ ᠳ᠋ᠤ ᠠᠵᠢᠯᠯᠠᠬᠤ ᠱᠠᠭᠠᠷᠲᠠᠯᠭ᠎ᠠ ᠲᠠᠢ ᠪᠠᠢᠢᠭᠰᠠᠨ ᠡᠴᠡ ᠪᠦᠲᠦᠮᠵᠢ ᠲᠠᠢ ᠶᠠᠪᠤᠭᠲᠠᠵᠤ ᠴᠢᠲᠠᠭᠰᠠᠨ ᠦᠭᠡᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120890694