蒙古文网站Logo
ᠰᠢᠨᠬᠤᠸᠠ ᠮᠤᠩᠭ᠋ᠤᠯ ᠨᠧᠲ

ᠰᠤᠯᠤᠩᠭ᠋ᠤᠰ᠄ ᠰᠤᠯᠤᠩᠭ᠋ᠤᠰ ᠬᠤᠶᠢᠭ ᠤᠨ ᠤᠲᠤᠬᠠᠨ ᠤ ᠠᠰᠠᠭᠤᠲᠠᠯ  50 ᠵᠢᠯ ᠡᠴᠡ ᠨᠠᠭᠠᠰᠢᠬᠢ ᠬᠠᠮᠤᠭ ᠤᠨ ᠬᠡᠴᠡᠬᠦᠦ ᠪᠠᠶᠢᠲᠠᠯ  ᠳᠤ ᠤᠷᠤᠪᠠ

2017-05-03 10:52

    ᠰᠢᠨᠬᠤᠸᠠ ᠬᠤᠷᠢᠶ᠎ᠠ    ᠫᠢᠥᠩᠶᠠᠩ ᠤᠨ 5 ᠰᠠᠷ᠎ᠠ ᠶᠢᠨ 1 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠴᠸᠩ ᠳ᠋ᠠ ᠢᠦᠢ᠂ ᠡᠦ ᠴᠢᠶᠠᠩ ) ᠰᠤᠯᠤᠩᠭ᠋ᠤᠰ ᠤᠨ ᠲᠦᠪ ᠮᠡᠲᠡᠭᠡᠯᠡᠯ ᠤᠨ ᠬᠤᠷᠢᠶ᠎ᠠ ᠶᠢᠨ 1 ᠤ ᠡᠲᠦᠷ ᠮᠡᠲᠡᠭᠡᠯᠡᠭᠰᠡᠨ ᠢᠶᠡᠷ᠂ ᠰᠤᠯᠤᠩᠭ᠋ᠤᠰ ᠤᠨ ᠭᠠᠲᠠᠭᠠᠲᠤ ᠶᠠᠪᠤᠲᠠᠯ ᠤᠨ ᠶᠠᠮᠤᠨ ᠤ ᠦᠭᠦᠯᠡᠭᠴᠢ ᠲᠤᠬᠠᠢ ᠶᠢᠨ ᠡᠲᠦᠷ ᠬᠡᠯᠡᠬᠦ ᠳ᠋ᠡᠭᠡᠨ᠂ ᠰᠤᠯᠤᠩᠭ᠋ᠤᠰ ᠬᠤᠶᠢᠭ ᠤᠨ ᠠᠰᠠᠭᠤᠲᠠᠯ  50 ᠵᠢᠯ ᠡᠴᠡ ᠨᠠᠭᠠᠰᠢᠬᠢ ᠬᠠᠮᠤᠭ ᠤᠨ ᠬᠡᠴᠡᠬᠦᠦ ᠪᠠᠶᠢᠲᠠᠯ ᠳ᠋ᠤ ᠤᠷᠤᠭᠠᠳ ᠪᠤᠢ ᠭᠡᠵᠡᠢ᠃ ᠲᠡᠷᠡᠪᠡᠷ᠂ ᠡᠨᠡ ᠵᠢᠯ ᠠᠮᠸᠷᠢᠺᠠ ᠺᠤᠷᠢᠶᠠ ᠲᠡᠦᠬᠡᠨ ᠲᠡᠭᠡᠷᠡᠬᠢ ᠬᠠᠮᠤᠭ ᠤᠨ ᠦᠷᠭᠡᠨ ᠬᠡᠪᠴᠢᠶᠠᠨ ᠤ ᠬᠠᠮᠲᠤᠷᠠᠭᠰᠠᠨ ᠴᠡᠷᠢᠭ ᠤᠨ ᠰᠤᠷᠢᠯᠲᠠ ᠶᠠᠪᠤᠭᠤᠯᠵᠤ᠂ 30 ᠲᠦᠮᠡ ᠭᠠᠷᠤᠢ ᠴᠡᠷᠢᠭ ᠪᠠ ᠴᠦᠮ᠎ᠠ ᠶᠢᠨ ᠵᠡᠪᠰᠡᠭ ᠲᠤᠨᠤᠭᠯᠠᠯ ᠤᠷᠤᠭᠤᠯᠤᠭᠰᠠᠨ ᠢᠶᠡᠷ᠂ ᠤᠷᠢᠲᠠᠪᠡᠷ ᠲᠤᠪᠲᠤᠯᠵᠤ ᠡᠷᠬᠡᠰᠢᠶᠡᠬᠦ ᠴᠦᠮ᠎ᠡ ᠶᠢᠨ ᠴᠤᠬᠢᠯᠲᠠ ᠦᠭ᠍ᠬᠦ ᠭᠤᠷᠢᠲᠠᠯᠭ᠎ᠠ ᠶᠢ ᠨᠢ ᠢᠯᠡᠷᠡᠬᠦᠯᠪᠡ᠂ ᠨᠠᠩ ᠴᠤ 《 ᠺᠠᠷᠯ ᠸᠢᠨᠰᠤᠨ 》ᠨᠢᠰᠬᠦ ᠤᠩᠭ᠋ᠤᠴᠠ ᠲᠡᠭᠡᠭᠡᠪᠦᠷᠢᠯᠡᠭᠴᠢ ᠬᠦᠯᠭᠡ ᠤᠩᠭ᠋ᠤᠴᠠ ᠶᠢᠨ ᠠᠶᠠᠯᠠᠯ ᠤᠨ ᠱᠤᠭᠤᠮ ᠢᠶᠡᠨ ᠬᠤᠪᠢᠷᠠᠭᠤᠯᠤᠨ᠂ ᠰᠤᠯᠤᠩᠭ᠋ᠤᠰ ᠬᠤᠶᠢᠭ ᠤᠨ ᠤᠰᠤᠨ ᠤᠷᠤᠨ ᠳ᠋ᠤ ᠬᠦᠷᠪᠡ ᠭᠡᠵᠡᠢ᠃

    ᠦᠬᠦᠯᠡᠭᠴᠢ ᠪᠠᠰᠠ᠂ ᠰᠤᠯᠤᠩᠭ᠋ᠤᠰ ᠴᠦᠮ᠎ᠡ ᠶᠢᠨ ᠵᠡᠪᠰᠡᠭᠲᠦ ᠬᠦᠴᠦᠨ ᠤ ᠲᠦᠷᠦ ᠶᠢᠨ ᠪᠤᠲᠤᠯᠭ᠎ᠠ ᠶᠢ ᠦᠷᠬᠦᠯᠵᠢᠯᠡᠨ ᠬᠡᠷᠡᠭᠵᠢᠬᠦᠯᠬᠦ ᠪᠤᠯᠤᠨ᠎ᠠ᠂ ᠢᠩᠭᠢᠪᠡᠯ ᠰᠠᠶ᠊ᠢ ᠠᠮᠸᠷᠢᠺᠠ ᠪᠤᠰᠤᠳ ᠤᠯᠤᠰ ᠢ ᠲᠦᠷᠢᠮᠡᠬᠡᠢᠢᠯᠡᠬᠦ ᠠᠵᠢᠯᠯᠠᠭ᠎ᠠ ᠪᠠᠨ ᠰᠤᠯᠤᠩᠭ᠋ᠤᠰ ᠲᠤ ᠲᠤᠯᠭᠠᠬᠤ ᠦᠭᠡᠢ ᠪᠤᠯᠭᠠᠨ᠎ᠠ ᠭᠡᠵᠡᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120910137