蒙古文网站Logo
ᠰᠢᠨᠬᠤᠸᠠ ᠮᠤᠩᠭ᠋ᠤᠯ ᠨᠧᠲ

《ᠫᠠᠭ ᠵᠦᠨ ᠡᠾᠢ ᠶᠢᠨ ᠬᠡᠷᠡᠭ》 ᠤᠨ ᠠᠩᠬᠠᠨ ᠤ ᠪᠡᠯᠡᠳᠭᠡᠯ ᠰᠢᠬᠦᠯᠲᠡ ᠰᠸᠦ᠋ᠯ ᠳ᠋ᠤ ᠶᠠᠪᠤᠭᠲᠠᠪᠠ

2017-05-03 11:06

    ᠰᠢᠨᠬᠤᠸᠠ ᠬᠤᠷᠢᠶ᠎ᠠ    ᠰᠸᠦ᠋ᠯ ᠤᠨ 5 ᠰᠠᠷ᠎ᠠ ᠶᠢᠨ 2 ᠤᠨ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠭ᠍ᠸᠩ ᠰᠢᠤᠸᠠᠢ ᠫᠧᠩ᠂ ᠯᠦ ᠿᠦᠢ) 2 ᠤᠨ ᠡᠲᠦᠷ᠂ ᠺᠤᠷᠢᠶᠠ ᠶᠢᠨ ᠰᠢᠬᠦᠬᠦ ᠶᠢᠨ ᠭᠠᠵᠠᠷ ᠡᠴᠡ ᠤᠤᠯ ᠤᠨ ᠶᠡᠷᠦᠩᠬᠡᠶᠢᠯᠡᠭᠴᠢ 《ᠫᠠᠭ ᠵᠦᠨ ᠡᠾᠢ ᠶᠢᠨ ᠬᠡᠷᠡᠭ》ᠲᠤ ᠠᠩᠬᠠᠨ ᠤ ᠪᠡᠯᠡᠳᠭᠡᠯ ᠰᠢᠬᠦᠯᠲᠡ ᠬᠢᠵᠦ᠂ ᠫᠠᠭ ᠵᠦᠨ ᠡᠾᠢ ᠶᠢᠨ ᠦᠮᠦᠭᠯᠡᠭᠴᠢ ᠬᠠᠤᠯᠢᠴᠢ ᠶᠤᠤ ᠶᠦᠩ ᠬᠠ ᠪᠠᠶᠢᠴᠠᠭᠠᠬᠤ ᠶᠢᠨ ᠭᠠᠵᠠᠷ ᠡᠴᠡ ᠲᠤᠯᠭᠠᠭᠰᠠᠨ ᠶᠠᠯ᠎ᠠ ᠶᠢ ᠪᠦᠬᠦᠨ ᠢ ᠦᠭᠡᠶᠢᠰᠭᠡᠪᠡ᠃

    ᠰᠢᠬᠦᠬᠦ ᠬᠤᠷᠠᠯ ᠳ᠋ᠤ ᠫᠠᠭ ᠵᠦᠨ ᠡᠾᠢ ᠤᠴᠢᠭᠰᠠᠨ ᠦᠭᠡᠢ ᠪᠦᠭᠡᠳ ᠲᠡᠭᠦᠨ ᠤ ᠦᠮᠦᠭᠯᠡᠭᠴᠢ᠂ ᠬᠠᠦᠯᠢᠴᠢ ᠫᠠᠭ ᠵᠦᠨ ᠡᠾᠢ ᠳ᠋ᠤ ᠪᠤᠷᠤᠭᠤ ᠦᠭᠡᠢ ᠭᠡᠰᠡᠨ ᠪᠦᠭᠡᠳ ᠪᠠᠶᠢᠴᠠᠭᠠᠬᠤ ᠶᠢᠨ ᠭᠠᠵᠠᠷ ᠤᠨ 12 ᠲᠦᠮᠡᠨ ᠨᠢᠭᠤᠷ ᠲᠠᠢ ᠪᠠᠶᠢᠴᠠᠭᠠᠭᠰᠠᠨ ᠮᠠᠲ᠋ᠸᠷᠢᠶᠠᠯ ᠢ ᠦᠵᠡᠵᠦ ᠲᠠᠭᠤᠰᠤᠭᠰᠠᠨ ᠤ ᠲᠠᠷᠠᠭ᠎ᠠ ᠮᠠᠷᠭᠤᠬᠤ ᠪᠤᠯᠤᠨ᠎ᠠ ᠭᠡᠵᠡᠢ᠃ 《ᠠᠯᠪᠠᠨ ᠲᠤᠰᠢᠶᠠᠯ ᠢᠶᠡᠨ ᠤᠷᠪᠠᠭᠤᠯᠤᠨ ᠠᠰᠢᠭᠯᠠᠭᠰᠠᠨ᠂ ᠺᠤᠮᠫᠠᠨᠢ ᠤᠳ ᠡᠴᠡ ᠠᠪᠤᠭᠰᠠᠨ ᠠᠪᠯᠢᠭ᠎ᠠ》ᠵᠡᠷᠭᠡ ᠨᠢ ᠠᠵᠤ ᠠᠬᠤᠶᠢᠯᠠᠯ ᠪᠤᠶᠤ ᠠᠵᠤ ᠠᠬᠤᠶᠢᠯᠠᠯ ᠤᠨ ᠲᠡᠭᠡᠳᠦ ᠵᠢᠩᠲᠠᠭᠠᠨ ᠤ ᠬᠠᠮᠢᠶᠠᠷᠤᠭᠴᠢ ᠲᠠᠢ ᠬᠤᠯᠪᠤᠭᠲᠠᠬᠤ ᠶᠢ ᠲᠠᠶᠢᠯᠪᠤᠷᠢᠯᠠᠵᠤ ᠦᠭ᠍ᠬᠦ ᠶᠢ ᠪᠠᠶᠢᠴᠠᠭᠠᠬᠤ ᠶᠢᠨ ᠭᠠᠵᠠᠷ ᠲᠤ ᠱᠠᠭᠠᠷᠲᠠᠪᠠ᠃

    ᠮᠦᠨ ᠰᠢᠬᠦᠬᠦ ᠬᠤᠷᠠᠯ ᠳ᠋ᠤ᠂ 《ᠫᠠᠭ ᠵᠦᠨ ᠡᠾᠢ ᠶᠢᠨ ᠬᠡᠷᠡᠭ》 ᠲᠤ ᠬᠤᠯᠪᠤᠭᠲᠠᠭᠰᠠᠨ ᠯᠤᠲ᠋ᠢᠶᠤ᠋ ᠪᠦᠯᠦᠭᠯᠡᠯ ᠤᠨ ᠬᠠᠷᠢᠭᠤᠴᠠᠯᠭᠠᠲᠠᠨ ᠪᠠ ᠫᠠᠭ ᠵᠦᠨ ᠡᠾᠢ ᠶᠢᠨ ᠲᠤᠲᠤᠨᠤ ᠨᠠᠶᠢᠵᠠ ᠼᠦᠢ ᠰᠦᠨ ᠰᠢᠯ ᠤᠴᠢᠭᠰᠠᠨ ᠦᠭᠡᠢ᠂ ᠬᠤᠶᠠᠷ ᠲᠠᠯ᠎ᠠ ᠶᠢᠨ ᠦᠮᠦᠭᠯᠡᠭᠴᠢ ᠬᠠᠦᠯᠢᠴᠢ ᠲᠤᠯᠭᠠᠭᠰᠠᠨ ᠶᠠᠯ᠎ᠠ ᠶᠢ ᠪᠦᠬᠦᠨ ᠢ ᠦᠭᠡᠶᠢᠰᠭᠡᠪᠡ᠃

    ᠺᠤᠷᠢᠶᠠ ᠶᠢᠨ ᠰᠢᠬᠦᠬᠦ ᠶᠢᠨ ᠭᠠᠵᠠᠷ ᠡᠴᠡ ᠲᠤᠰ ᠰᠠᠷ᠎ᠠ ᠶᠢᠨ 16 ᠤ ᠡᠲᠦᠷ ᠲᠠᠬᠢᠨ ᠪᠡᠯᠡᠳᠭᠡᠯ ᠰᠢᠬᠦᠯᠲᠡ ᠶᠠᠪᠤᠭᠤᠯᠵᠤ᠂ 23 ᠤ ᠡᠲᠦᠷ ᠠᠩᠬᠠᠨ ᠤ ᠰᠢᠬᠦᠯᠲᠡ ᠬᠢᠨ᠎ᠡ᠃ ᠬᠡᠷᠡᠭ ᠲᠤ ᠬᠤᠯᠪᠤᠭᠲᠠᠭᠰᠠᠨ ᠰᠡᠵᠢᠭᠲᠡᠨ ᠰᠢᠬᠦᠯᠲᠡ ᠶᠢᠨ ᠬᠤᠷᠠᠯ ᠳ᠋ᠤ ᠵᠠᠪᠠᠯ ᠤᠷᠤᠯᠴᠠᠬᠤ ᠬᠡᠷᠡᠭᠲᠡᠢ ᠭᠡᠵᠡᠢ᠃

    ᠦᠩᠭᠡᠷᠡᠭᠰᠡᠨ ᠰᠠᠷ᠎ᠠ ᠳ᠋ᠤ ᠺᠤᠷᠢᠶᠠ ᠶᠢᠨ ᠰᠢᠬᠦᠬᠦ ᠶᠢᠨ ᠭᠠᠵᠠᠷ ᠡᠴᠡ ᠫᠠᠭ ᠵᠦᠨ ᠡᠾᠢ ᠳ᠋ᠤ ᠠᠪᠯᠢᠭ᠎ᠠ ᠠᠪᠤᠭᠰᠠᠨ᠂ ᠠᠯᠪᠠᠨ ᠲᠤᠰᠢᠶᠠᠯ ᠶᠢᠡᠨ ᠤᠷᠪᠠᠭᠤᠯᠤᠨ ᠠᠰᠢᠭᠯᠠᠭᠰᠠᠨ᠂ ᠤᠯᠤᠰ ᠤᠨ ᠨᠢᠭᠤᠴᠠ ᠶᠢ ᠵᠠᠲᠠᠷᠠᠭᠤᠯᠤᠭᠰᠠᠨ ᠵᠡᠷᠭᠡ 18 ᠵᠦᠢᠯ ᠤᠨ ᠶᠠᠯ᠎ᠠ ᠲᠤᠯᠭᠠᠪᠠ᠃ ᠬᠡᠷᠪᠡ ᠪᠠᠲᠤᠯᠠᠭᠲᠠᠬᠤ ᠳ᠋ᠤ ᠬᠦᠷᠪᠡᠯ ᠫᠠᠭ ᠵᠦᠨ ᠡᠾᠢ ᠨᠠᠭᠠᠲᠤ ᠵᠠᠬ᠎ᠠ ᠳ᠋ᠠᠭᠠᠨ 10 ᠵᠢᠯ ᠬᠤᠷᠢᠭᠲᠠᠨ᠎ᠠ᠃

    ᠡᠨᠡ ᠵᠢᠯ ᠤᠨ 3 ᠰᠠᠷ᠎ᠠ ᠶᠢᠨ 10 ᠤ ᠡᠲᠦᠷ᠂ ᠺᠤᠷᠢᠶᠠ ᠶᠢᠨ ᠦᠨᠳᠦᠰᠦᠨ ᠬᠠᠦᠯᠢ ᠶᠢᠨ ᠰᠢᠬᠦᠬᠦ ᠶᠢᠨ ᠭᠠᠵᠠᠷ ᠡᠴᠡ ᠤᠤᠯ ᠤᠨ ᠶᠡᠷᠦᠩᠬᠡᠶᠢᠯᠡᠭᠴᠢ ᠫᠠᠭ ᠵᠦᠨ ᠡᠾᠢ ᠶᠢᠨ ᠲᠤᠰᠢᠶᠠᠯ ᠢ ᠤᠭᠴᠠᠷᠠᠭᠤᠯᠵᠤ᠂ ᠫᠠᠭ ᠵᠦᠨ ᠡᠾᠢ ᠴᠤ ᠺᠤᠷᠢᠶᠠ ᠶᠢᠨ ᠲᠡᠦᠬᠡᠨ ᠲᠡᠭᠡᠷᠡᠬᠢ ᠬᠠᠮᠤᠭ ᠤᠨ ᠠᠩᠬᠠᠨ ᠤ ᠤᠨᠴᠠᠷᠠᠭᠤᠯᠤᠭᠲᠠᠭᠰᠠᠨ ᠶᠡᠷᠦᠩᠬᠡᠶᠢᠯᠡᠭᠴᠢ ᠪᠤᠯᠵᠤ᠂ ᠬᠠᠦᠯᠢ ᠡᠴᠡ ᠲᠠᠷᠬᠠᠯᠠᠬᠤ ᠡᠷᠬᠡ ᠪᠠᠨ ᠠᠯᠲᠠᠪᠠ᠃ 3 ᠰᠠᠷ᠎ᠠ ᠶᠢᠨ 31 ᠤ ᠦᠦᠷ ᠢᠶᠡᠷ᠂ ᠰᠢᠬᠦᠬᠦ ᠶᠢᠨ ᠭᠠᠵᠠᠷ  ᠫᠠᠭ ᠵᠦᠨ ᠡᠾᠢ ᠶᠢ ᠪᠠᠷᠢᠪᠴᠢᠯᠠᠨ᠂ ᠰᠸᠦ᠋ᠯ ᠤᠨ ᠭᠢᠨᠲᠠᠨ ᠳ᠋ᠤ ᠬᠤᠷᠢᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120910208