蒙古文网站Logo
ᠰᠢᠨᠬᠤᠸᠠ ᠮᠤᠩᠭ᠋ᠤᠯ ᠨᠧᠲ

ᠺᠸᠨᠢᠶᠠ ᠶᠢᠨ ᠵᠡᠬᠦᠨ ᠬᠡᠰᠡᠭ ᠲᠤ ᠳ᠋ᠸᠩᠭ᠍ᠸᠢ ᠬᠠᠯᠠᠭᠤᠷᠠᠯᠭ᠎ᠠ ᠲᠡᠯᠭᠡᠷᠡᠪᠡ

2017-05-08 16:42

    ᠰᠢᠨᠬᠤᠸᠠ ᠬᠤᠷᠢᠶ᠎ᠠ    ᠨᠠᠶᠢᠷᠤᠪᠢ ᠶᠢᠨ 5 ᠰᠠᠷ᠎ᠠ ᠶᠢᠨ 7 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠬᠴᠢ ᠵᠢᠨ ᠵᠸᠩ ) ᠺᠸᠨᠢᠶᠠ ᠶᠢᠨ ᠡᠷᠡᠬᠦᠯ ᠮᠡᠨᠳᠦ ᠶᠢᠨ ᠰᠠᠯᠠᠭ᠎ᠠ ᠮᠦᠴᠢᠷ 7 ᠤ ᠡᠲᠦᠷ ᠬᠡᠯᠡᠬᠦ ᠳ᠋ᠡᠭᠡᠨ᠂ ᠲᠤᠰ ᠤᠯᠤᠰ ᠤᠨ ᠵᠡᠬᠦᠨ ᠬᠡᠰᠡᠭ ᠤᠨ ᠭᠠᠷᠠᠮ ᠤᠨ ᠬᠤᠲᠠ ᠮᠤᠮᠪᠠᠰᠠ ᠳ᠋ᠤ ᠳ᠋ᠸᠩᠭ᠍ᠸᠢ ᠬᠠᠯᠠᠭᠤᠷᠠᠯᠭ᠎ᠠ ᠲᠡᠯᠭᠡᠷᠡᠵᠦ᠂ ᠤᠲᠤᠬᠠᠨ ᠳ᠋ᠤ 153 ᠬᠦᠮᠦᠨ ᠳ᠋ᠤ ᠬᠠᠯᠲᠠᠪᠤᠷᠢᠯᠠᠪᠠ ᠭᠡᠵᠡᠢ᠃

    ᠺᠸᠨᠢᠶᠠ ᠶᠢᠨ ᠡᠷᠡᠬᠦᠯ ᠮᠡᠨᠳᠦ ᠶᠢᠨ ᠠᠯᠪᠠᠨ ᠲᠤᠰᠢᠶᠠᠯᠲᠠᠨ ᠤ ᠶᠠᠷᠢᠬᠤ ᠪᠡᠷ᠂ 2011 ᠤᠨ ᠳ᠋ᠤ ᠲᠤᠰ ᠤᠯᠤᠰ ᠤᠨ ᠵᠡᠬᠦᠨ ᠬᠤᠶᠢᠲᠤ ᠬᠡᠰᠡᠭ ᠲᠤ ᠪᠠᠰᠠ ᠨᠢᠭᠡ ᠤᠲᠠᠭ᠎ᠠ ᠳ᠋ᠸᠩᠭ᠍ᠸᠢ ᠬᠠᠯᠠᠭᠤᠷᠠᠯᠭ᠎ᠠ ᠲᠡᠯᠭᠡᠷᠡᠵᠦ ᠦᠩᠭᠡᠷᠡᠵᠡᠢ᠃ ᠲᠤᠬᠠᠢ ᠶᠢᠨ ᠦᠶ᠎ᠠ ᠳ᠋ᠤ ᠭᠡᠷ ᠤᠨ ᠬᠠᠪᠢ ᠲᠦᠰᠦᠷ ᠤᠨ ᠤᠰᠤ ᠶᠢ ᠭᠠᠲᠠᠭᠰᠢᠯᠠᠭᠤᠯᠵᠤ ᠡᠪᠡᠰᠦ ᠤᠷᠭᠤᠮᠠᠯ ᠢ ᠴᠡᠪᠡᠷᠯᠡᠨ ᠰᠢᠮᠠᠭᠤᠯ ᠤᠨ ᠤᠷᠤᠰᠢᠨ ᠠᠮᠢᠲᠤᠷᠠᠬᠤ ᠤᠷᠴᠢᠨ ᠢ ᠪᠠᠭᠠᠰᠬᠠᠬᠰᠠᠨ ᠢᠶᠡᠷ ᠬᠢᠵᠢᠭ᠌ ᠢ ᠰᠡᠷᠬᠡᠶᠢᠯᠡᠬᠦ ᠳ᠋ᠤ ᠶᠡᠬᠡᠬᠡᠨ ᠲᠤᠰᠠ ᠪᠤᠯᠪᠠ᠃

    ᠳ᠋ᠸᠩᠭ᠍ᠸᠢ ᠬᠠᠯᠠᠭᠤᠷᠠᠯᠭ᠎ᠠ ᠪᠤᠯ ᠰᠢᠪᠡᠵᠢ ᠪᠡᠷ ᠲᠠᠮᠵᠢᠲᠠᠭ ᠲᠦᠷᠭᠡᠨ ᠴᠢᠨᠠᠷᠲᠠᠢ ᠬᠠᠯᠠᠭᠤᠨ ᠪᠦᠰᠡᠨ ᠤ ᠬᠠᠯᠲᠠᠪᠤᠷᠢᠲᠤ ᠡᠪᠡᠳᠴᠢᠨ ᠪᠤᠯᠤᠨ᠎ᠠ᠂ ᠪᠠᠶ᠎ᠠ ᠬᠠᠯᠠᠭᠤᠷᠠᠬᠤ᠂ ᠲᠤᠯᠤᠭᠠᠢ ᠡᠪᠡᠳᠬᠦ᠂ ᠦᠶ᠎ᠠ ᠭᠡᠰᠢᠬᠦᠦ ᠡᠪᠡᠳᠬᠦ ᠢᠯᠡᠷᠡᠯ ᠲᠠᠢ᠃ ᠡᠨᠡᠬᠦ ᠬᠠᠯᠲᠠᠪᠤᠷᠢᠲᠤ ᠡᠪᠡᠳᠴᠢᠨ ᠢ ᠡᠩ ᠤᠨ ᠳ᠋ᠸᠩᠭ᠍ᠸᠢ ᠬᠠᠯᠠᠭᠤᠷᠠᠯᠭ᠎ᠠ ᠪᠠ ᠴᠢᠰᠤ ᠭᠠᠷᠬᠤ ᠴᠢᠨᠠᠷᠲᠠᠢ ᠳ᠋ᠸᠩᠭ᠍ᠸᠢ ᠬᠠᠯᠠᠭᠤᠷᠠᠯᠭ᠎ᠠ ᠭᠡᠵᠦ ᠬᠤᠶᠠᠷ ᠲᠦᠷᠦᠯ ᠬᠤᠪᠢᠶᠠᠲᠠᠭ᠂ ᠬᠤᠶᠢᠨᠠᠬᠢ ᠨᠢ ᠦᠬᠦᠯᠲᠡ ᠶᠢᠨ ᠨᠤᠷᠮ᠎ᠠ ᠨᠡᠯᠢᠶᠡᠳ ᠦᠨᠳᠦᠷ ᠪᠠᠶᠢᠲᠠᠭ᠃ ᠺᠸᠨᠢᠶᠠ ᠤᠲᠤᠬᠠᠨ ᠳ᠋ᠤ ᠪᠤᠷᠤᠭᠠᠨᠲᠤ ᠤᠯᠠᠷᠢᠯ ᠳ᠋ᠤ ᠤᠷᠤᠵᠤ᠂ ᠰᠡᠬᠦᠯ ᠤᠨ ᠦᠶ᠎ᠠ ᠳ᠋ᠤ ᠲᠠᠯᠠᠢ ᠲᠠᠭᠠᠤ ᠤᠷᠤᠨ ᠢᠶᠡᠷ ᠪᠤᠷᠤᠭᠠᠨ ᠬᠤᠷ᠎ᠠ ᠤᠯᠠᠨ ᠲᠠᠢ᠂ ᠡᠷᠡᠬᠦᠯ ᠮᠡᠨᠳᠦ ᠢᠢᠨ ᠨᠦᠬᠦᠴᠡᠯ ᠪᠠᠷᠤᠭᠲᠠᠢ ᠡᠴᠡ ᠪᠤᠯᠵᠤ᠂ ᠰᠢᠮᠠᠭᠤᠯ ᠳ᠋ᠤ ᠦᠰᠦᠨ ᠦᠷᠡᠵᠢᠬᠦ  ᠤᠷᠴᠢᠨ ᠬᠠᠩᠭ᠋ᠠᠵᠤ ᠦᠭ᠍ᠪᠡ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120791120937578