蒙古文网站Logo
ᠰᠢᠨᠬᠤᠸᠠ ᠮᠤᠩᠭ᠋ᠤᠯ ᠨᠧᠲ

ᠺᠤᠷᠢᠶᠠ ᠶᠢᠨ 19 ᠳ᠋ᠤᠭᠡᠷ ᠬᠤᠭᠤᠴᠠᠭᠠᠨ ᠤ ᠶᠡᠷᠦᠩᠬᠡᠶᠢᠯᠡᠭᠴᠢ ᠶᠢᠨ ᠰᠤᠩᠭ᠋ᠤᠭᠤᠯᠢ ᠡᠬᠢᠯᠡᠯ᠎ᠡ

2017-05-09 11:32

    ᠰᠢᠨᠬᠤᠸᠠ ᠬᠤᠷᠢᠶ᠎ᠠ   ᠰᠸᠦ᠋ᠯ ᠤᠨ 5 ᠰᠠᠷ᠎ᠠ ᠶᠢᠨ 9 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠦ ᠿᠦᠢ᠂ ᠭ᠍ᠸᠩ ᠰᠢᠤᠸᠠᠢ ᠫᠸᠩ ) ᠺᠤᠷᠢᠶᠠ ᠶᠢᠨ 19 ᠬᠤᠭᠤᠴᠠᠭᠠᠨ ᠤ ᠶᠡᠷᠦᠩᠬᠡᠶᠢᠯᠡᠭᠴᠢ ᠶᠢᠨ ᠰᠤᠩᠭ᠋ᠤᠭᠤᠯᠢ 9 ᠤ ᠡᠲᠦᠷ ᠤᠨ 6᠄ 00 ᠴᠠᠭ ᠡᠴᠡ ᠡᠬᠢᠯᠡᠪᠡ᠂ ᠰᠤᠩᠭ᠋ᠤᠭᠤᠯᠢ ᠶᠢᠨ ᠢᠷᠭᠡᠨ ᠤᠯᠤᠰ ᠲᠠᠶᠠᠭᠠᠷ ᠤᠨ 13964 ᠰᠤᠩᠭ᠋ᠤᠭᠤᠯᠢ ᠶᠢᠨ ᠴᠢᠭ ᠲᠤ ᠬᠦᠷᠴᠦ᠂ ᠰᠢᠨ᠎ᠡ ᠶᠡᠷᠦᠩᠬᠡᠶᠢᠯᠡᠭᠴᠢ ᠪᠠᠨ ᠰᠤᠩᠭ᠋ᠤᠨ ᠭᠠᠷᠭᠠᠨ᠎ᠠ᠃

    ᠲᠤᠰ ᠬᠤᠭᠤᠴᠠᠭᠠᠨ ᠤ ᠶᠡᠷᠦᠩᠬᠡᠶᠢᠯᠡᠭᠴᠢ ᠶᠢᠨ ᠦᠷᠢᠰᠦᠯᠲᠦᠭᠡᠨ ᠳ᠋ᠤ 15 ᠨᠡᠷ᠎ᠡ ᠲᠡᠪᠰᠢᠭᠴᠢ ᠦᠷᠢᠰᠦᠯᠲᠦᠵᠦ᠂ ᠡᠭᠦᠨ ᠳ᠋ᠤ ᠨᠡᠶᠢᠲᠡ ᠶᠢᠨ ᠠᠷᠠᠳᠴᠢᠯᠠᠭᠰᠠᠨ ᠨᠠᠮ ᠤᠨ ᠮᠦᠨ ᠽᠸ ᠶᠢᠨ᠂ ᠤᠯᠤᠰ ᠠᠷᠠᠳ ᠤᠨ ᠨᠠᠮ ᠤᠨ ᠠᠨ ᠴᠦᠯ ᠰᠦ᠂ ᠴᠢᠯᠦᠭᠡᠲᠦ ᠺᠤᠷᠢᠶᠠ ᠨᠠᠮ ᠤᠨ ᠬᠤᠩ ᠴᠦᠨ ᠫᠢᠶᠤᠤ᠂ ᠲᠦᠪ ᠨᠠᠮ ᠤᠨ ᠶᠢᠦ ᠰᠦᠩ ᠮᠸᠨ᠂ ᠰᠢᠨ ᠬᠢᠶᠠᠩ ᠽᠸᠩ ᠭᠤᠤᠯ ᠲᠠᠢ ᠦᠷᠢᠰᠦᠯᠲᠦᠵᠦ ᠪᠠᠶᠢᠭ᠎ᠠ ᠶᠤᠮ᠃

    ᠺᠤᠷᠢᠶᠠ 1987 ᠤᠨ ᠡᠴᠡ ᠪᠦᠬᠦ ᠠᠷᠠᠳ ᠢᠶᠡᠷ ᠢᠶᠡᠨ ᠶᠡᠷᠦᠩᠬᠡᠶᠢᠯᠡᠭᠴᠢ ᠶᠢ ᠰᠢᠭᠤᠳ ᠰᠤᠩᠭ᠋ᠤᠨ᠎ᠠ᠂ ᠲᠤᠰᠢᠶᠠᠯ ᠤᠨ ᠬᠤᠭᠤᠴᠠᠭ᠎ᠠ ᠨᠢ 5 ᠵᠢᠯ᠂ ᠲᠤᠰᠢᠶᠠᠯ ᠳ᠋ᠠᠭᠠᠨ ᠤᠯᠠᠷᠢᠵᠤ ᠪᠤᠯᠬᠤ ᠦᠭᠡᠢ ᠭᠡᠵᠦ ᠲᠤᠭᠲᠠᠭᠠᠵᠠᠢ᠃

    ᠲᠡᠭᠡᠷ᠎ᠡ ᠬᠤᠭᠤᠴᠠᠭᠠᠨ ᠤ ᠶᠡᠷᠦᠩᠬᠡᠶᠢᠯᠡᠭᠴᠢ ᠶᠢᠨ ᠰᠤᠩᠭ᠋ᠤᠭᠤᠯᠢ 2012 ᠤᠨ ᠤ 12 ᠰᠠᠷ᠎ᠠ ᠶᠢᠨ 19 ᠤ ᠡᠲᠦᠷ ᠶᠠᠪᠤᠭᠲᠠᠵᠤ ᠦᠩᠭᠡᠷᠡᠪᠡ᠃ ᠤᠤᠯ ᠤᠨ ᠶᠡᠷᠦᠩᠬᠡᠶᠢᠯᠡᠭᠴᠢ ᠫᠠᠭ ᠵᠦᠨ ᠡᠾᠢ ᠲᠤᠰᠢᠶᠠᠯ ᠡᠴᠡ ᠪᠠᠨ ᠤᠭᠴᠠᠷᠠᠭᠤᠯᠤᠭᠲᠠᠭᠰᠠᠨ ᠢᠶᠡᠷ ᠡᠨᠡ ᠤᠨ ᠤ 12 ᠰᠠᠷ᠎ᠠ ᠳ᠋ᠤ ᠶᠠᠪᠤᠭᠲᠠᠬᠤ ᠪᠡᠷ ᠪᠠᠶᠢᠭᠰᠠᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠤᠷᠢᠳᠴᠢᠯᠠᠭᠠᠳ 5 ᠰᠠᠷ᠎ᠠ ᠶᠢᠨ 9 ᠤ ᠡᠲᠦᠷ ᠶᠠᠪᠤᠭᠲᠠᠬᠤ ᠪᠡᠷ ᠪᠤᠯᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120791120942306