蒙古文网站Logo
ᠰᠢᠨᠬᠤᠸᠠ ᠮᠤᠩᠭ᠋ᠤᠯ ᠨᠧᠲ

ᠭᠠᠵᠠᠷ ᠤᠨ ᠲᠤᠮᠲᠠᠲᠤ ᠲᠠᠩᠬᠢᠰ ᠲᠤ ᠬᠤᠶᠠᠷ ᠤᠩᠭ᠋ᠤᠴᠠ ᠤᠰᠤᠯ ᠭᠠᠷᠪᠠ

2017-05-09 11:50

    ᠰᠢᠨᠬᠤᠸᠠ ᠬᠤᠷᠢᠶ᠎ᠠ   ᠵᠸᠨ᠋ᠸᠸᠠ ᠶᠢᠨ 5 ᠰᠠᠷ᠎ᠠ ᠶᠢᠨ 8 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠠᠩ ᠮᠢᠶᠤᠤ᠂ ᠰᠢ ᠵᠢᠶᠠᠨ ᠭᠦᠸᠸ ) 8 ᠤ ᠡᠲᠦᠷ᠂ ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠲᠦᠷᠪᠡᠭ᠍ᠰᠡᠳ ᠤᠨ ᠵᠠᠬᠢᠷᠭᠠᠨ ᠡᠴᠡ ᠰᠡᠬᠦᠯ ᠤᠨ ᠦᠶ᠎ᠠ ᠳ᠋ᠤ ᠭᠠᠵᠠᠷ ᠤᠨ ᠲᠤᠮᠲᠠᠲᠤ ᠲᠠᠩᠬᠢᠰ ᠲᠤ ᠬᠤᠶᠠᠷ ᠤᠩᠭ᠋ᠤᠴᠠ ᠤᠰᠤᠯ ᠭᠠᠷᠤᠭᠰᠠᠨ ᠲᠤᠬᠠᠢ ᠰᠢᠨᠬᠤᠸᠠ ᠬᠤᠷᠢᠶ᠎ᠠ ᠶᠢᠨ ᠰᠤᠷᠪᠤᠯᠵᠢᠯᠠᠭᠴᠢ ᠳ᠋ᠤ ᠤᠨᠴᠠᠯᠠᠪᠠ᠃ ᠤᠩᠭ᠋ᠤᠴᠠᠨ ᠳᠡᠭᠡᠷᠡᠬᠢ 302 ᠲᠦᠷᠪᠡᠭ᠍ᠰᠡᠳ ᠤᠨ 57 ᠬᠦᠮᠦᠨ ᠠᠪᠤᠷᠠᠭᠲᠠᠵᠤ᠂ 245 ᠬᠦᠮᠦᠨ ᠨᠢ ᠠᠮᠢ ᠨᠠᠰᠤ ᠪᠠᠨ ᠠᠯᠲᠠᠭᠰᠠᠨ ᠪᠤᠶᠤ ᠠᠯᠠᠭ᠎ᠠ ᠪᠤᠯᠪᠠ ᠭᠡᠵᠡᠢ᠃

    ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠲᠦᠷᠪᠡᠭ᠍ᠰᠡᠳ ᠤᠨ ᠵᠠᠬᠢᠷᠭᠠᠨ ᠡᠴᠡ ᠪᠦᠷᠢᠳᠭᠡᠭ᠍ᠰᠡᠨ ᠢᠶᠡᠷ᠂ 2016 ᠤᠨ ᠳ᠋ᠤ 30 ᠲᠦᠮᠡ ᠭᠠᠷᠤᠢ ᠲᠦᠷᠪᠡᠭ᠍ᠰᠡᠳ ᠭᠠᠵᠠᠷ ᠤᠨ ᠲᠤᠮᠲᠠᠲᠤ ᠲᠠᠩᠬᠢᠰ ᠢ ᠭᠠᠲᠤᠯᠤᠨ ᠢᠲ᠋ᠠᠯᠢ ᠪᠤᠶᠤ ᠭᠸᠷᠢᠭ᠌᠌ ᠢ ᠵᠤᠷᠢᠬᠤ ᠵᠠᠮ ᠳ᠋ᠠᠭᠠᠨ ᠠᠳᠠᠭ ᠲᠠᠭᠠᠨ 5000 ᠬᠦᠮᠦᠨ ᠠᠮᠢ ᠨᠠᠰᠤ ᠪᠠᠨ ᠠᠯᠲᠠᠪᠠ᠂ ᠡᠨᠡ ᠤᠨ ᠡᠴᠡ ᠨᠠᠭᠠᠰᠢ ᠬᠤᠶᠠᠷ ᠲᠦᠮᠡ ᠭᠠᠷᠤᠢ ᠲᠦᠷᠪᠡᠭ᠍ᠰᠡᠳ ᠭᠠᠵᠠᠷ ᠤᠨ ᠲᠤᠮᠲᠠᠲᠤ ᠲᠠᠩᠬᠢᠰ ᠭᠠᠲᠤᠯᠤᠨ ᠢᠲ᠋ᠠᠯᠢ ᠶᠢ ᠵᠤᠷᠢᠬᠤ ᠵᠠᠮ ᠳ᠋ᠠᠭᠠᠨ 520 ᠬᠦᠮᠦᠨ ᠠᠵᠠ ᠪᠤᠰᠤ ᠪᠡᠷ ᠠᠮᠢ ᠨᠠᠰᠤ ᠪᠠᠨ ᠠᠯᠲᠠᠪᠠ ᠭᠡᠵᠡᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120791120942456