蒙古文网站Logo
ᠰᠢᠨᠬᠤᠸᠠ ᠮᠤᠩᠭ᠋ᠤᠯ ᠨᠧᠲ

ᠺᠤᠷᠢᠶᠠ ᠶᠢᠨ ᠰᠢᠨ᠎ᠡ ᠵᠠᠰᠠᠭ ᠤᠨ ᠭᠠᠵᠠᠷ ᠲᠤ 《ᠴᠡᠩᠭᠡᠬᠦᠯᠬᠦ ᠪᠦᠰᠡᠬᠦᠢ》 ᠶᠢᠨ ᠠᠰᠠᠭᠤᠲᠠᠯ ᠤᠨ ᠬᠡᠯᠡᠯᠴᠡᠭᠡᠷ ᠢ ᠬᠡᠷᠡᠭᠵᠢᠬᠦᠯᠬᠦ ᠶᠢ ᠶᠠᠫᠤᠨ ᠱᠠᠭᠠᠷᠲᠠᠪᠠ

2017-05-11 11:17

    ᠰᠢᠨᠬᠤᠸᠠ ᠬᠤᠷᠢᠶ᠎ᠠ   ᠲᠤᠤᠺᠢᠤ᠋ ᠶᠢᠨ 5 ᠰᠠᠷ᠎ᠠ ᠶᠢᠨ 10 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠠᠩ ᠺᠸ ᠵᠢᠶᠠ ) 10 ᠤ ᠡᠲᠦᠷ᠂ ᠶᠠᠫᠤᠨ ᠤ ᠲᠦᠷᠦ ᠶᠢᠨ ᠠᠯᠪᠠᠨ ᠤ ᠲᠠᠷᠤᠭ᠎ᠠ ᠺᠤᠷᠢᠶᠠ ᠶᠢᠨ ᠰᠢᠨ᠎ᠡ ᠵᠠᠰᠠᠭ ᠤᠨ ᠭᠠᠵᠠᠷ ᠢ ᠶᠠᠫᠤᠨ ᠺᠤᠷᠢᠶᠠ ᠶᠢᠨ 《ᠴᠡᠩᠭᠡᠬᠦᠯᠬᠦ ᠪᠦᠰᠡᠬᠦᠢ》  ᠶ᠋ᠢᠨ ᠠᠰᠠᠭᠤᠲᠠᠯ ᠤᠨ ᠲᠤᠬᠠᠢ ᠬᠡᠯᠡᠯᠴᠡᠭᠡᠷ ᠲᠠᠭᠠᠤ ᠱᠠᠭᠠᠷᠲᠠᠵᠤ ᠪᠠᠶᠢᠨ᠎ᠠ᠂《 ᠶᠠᠫᠤᠨ ᠺᠤᠷᠢᠶᠠ ᠪᠤᠯ ᠪᠠᠶᠢᠯᠲᠤᠬᠤ ᠪᠤᠲᠤᠯᠭ᠎ᠠ ᠶᠢᠨ ᠬᠠᠮᠲᠤ ᠶᠢᠨ ᠠᠰᠢᠭ ᠲᠤᠰᠠ ᠲᠠᠢ ᠴᠢᠬᠤᠯᠠ ᠬᠦᠷᠰᠢ ᠤᠯᠤᠰ》 ᠪᠤᠯᠬᠤᠷ ᠺᠤᠷᠢᠶᠠ ᠶᠢᠨ ᠰᠢᠨ᠎ᠡ ᠵᠠᠰᠠᠭ ᠤᠨ ᠭᠠᠵᠠᠷ ᠶᠠᠫᠤᠨ ᠺᠤᠷᠢᠶᠠ ᠶᠢᠨ ᠢᠷᠡᠭᠡᠲᠦᠢ ᠶᠢᠨ ᠬᠦᠭ᠍ᠵᠢᠯᠲᠠ ᠶᠢᠨ ᠬᠠᠷᠢᠴᠠᠭᠠᠨ ᠳᠤ ᠵᠦᠪ ᠬᠠᠨᠲᠤᠬᠤ ᠶᠢ ᠬᠦᠰᠨᠨ᠎ᠡ ᠭᠡᠵᠡᠢ᠃

    2015 ᠤᠨ ᠤ 12 ᠰᠠᠷ᠎ᠠ ᠳ᠋ᠤ᠂ ᠶᠠᠫᠤᠨ ᠺᠤᠷᠢᠶᠠ ᠶᠢᠨ ᠵᠠᠰᠠᠬ ᠤᠨ ᠭᠠᠵᠠᠷ《ᠴᠡᠩᠭᠡᠬᠦᠯᠬᠦ ᠪᠦᠰᠡᠬᠦᠢ》 ᠶ᠋ᠢᠨ ᠠᠰᠠᠭᠤᠲᠠᠯ ᠤᠨ ᠲᠤᠬᠠᠢ《ᠬᠠᠮᠤᠭ ᠤᠨ ᠰᠡᠬᠦᠯᠴᠢ ᠶᠢᠨ ᠡᠷᠭᠢᠰᠢ ᠦᠭᠡᠢ》ᠬᠡᠯᠡᠯᠴᠡᠭᠡᠷ ᠲᠤᠭᠲᠠᠪᠠ᠃ ᠬᠡᠯᠡᠯᠴᠡᠭᠡᠷ ᠲᠤ ᠶᠠᠫᠤᠨ ᠤ ᠲᠠᠯ᠎ᠠ ᠡᠴᠡ ᠺᠤᠷᠢᠶᠠ ᠶᠢᠨ ᠵᠠᠰᠠᠭ ᠤᠨ ᠭᠠᠵᠠᠷ ᠭᠤᠤᠯᠯᠠᠭᠰᠠᠨ《ᠨᠠᠶᠢᠷᠠᠮᠲᠠᠬᠤ ᠪᠠ ᠡᠲᠡᠭᠡᠭᠡᠬᠦ ᠰᠠᠭᠤᠷᠢ ᠮᠦᠩᠬᠦᠨ ᠤ ᠵᠤᠬᠢᠶᠠᠨ ᠪᠠᠶᠢᠭᠤᠯᠤᠯᠲᠠ》 ᠳ᠋ᠤ《ᠡᠲᠡᠭᠡᠭᠡᠬᠦ ᠵᠤᠭᠤᠰ》 10 ᠳ᠋ᠦᠩᠰᠢᠭᠤᠷ ᠶᠠᠫᠤᠨ ᠶᠸᠨ ( ᠠᠷᠠᠳ ᠤᠨ ᠵᠤᠭᠤᠰ ᠢᠶᠡᠷ ᠨᠤᠭᠤᠯᠤᠨ ᠪᠤᠲᠤᠪᠠᠯ 6060 ᠲᠦᠮᠡᠨ ᠲᠦᠭᠦᠷᠢᠭ᠌) ᠦᠭ᠍ᠪᠡ᠃ ᠡᠨᠡᠬᠦ ᠬᠡᠯᠡᠯᠴᠡᠭᠡᠷ ᠨᠢ ᠺᠤᠷᠢᠶᠠ ᠶᠢᠨ ᠢᠷᠭᠡᠳ ᠤᠨ ᠵᠠᠨᠤᠯᠬᠢᠯᠡᠯ ᠢ ᠲᠡᠭᠲᠡᠭᠡᠪᠡ᠃

    ᠺᠤᠷᠢᠶᠠ ᠶᠢᠨ ᠰᠢᠨ᠎ᠡ ᠪᠡᠷ ᠰᠤᠩᠭ᠋ᠤᠭᠲᠠᠭᠰᠠᠨ ᠶᠡᠷᠦᠩᠬᠡᠶᠢᠯᠡᠭᠴᠢ ᠮᠦᠨ ᠽᠸ ᠶᠢᠨ 5 ᠰᠠᠷ᠎ᠠ ᠶᠢᠨ 10 ᠤ ᠡᠲᠦᠷ ᠲᠤᠰᠢᠶᠠᠯ ᠳ᠋ᠤ ᠭᠠᠷᠪᠠ᠃ ᠡᠮᠦᠨᠡᠬᠡᠨ ᠮᠦᠨ ᠽᠸ ᠶᠢᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠦᠷᠢᠰᠦᠯᠲᠦᠭᠡᠨ ᠤ ᠦᠶ᠎ᠠ ᠪᠡᠷ ᠶᠠᠫᠤᠨ ᠺᠤᠷᠢᠶᠠ ᠶᠢᠨ 《ᠴᠡᠩᠭᠡᠬᠦᠯᠬᠦ ᠪᠦᠰᠡᠬᠦᠢ》 ᠶᠢᠨ ᠠᠰᠠᠭᠤᠲᠠᠯ  ᠳᠤ ᠰᠢᠬᠦᠮᠵᠢᠯᠡᠯ ᠲᠠᠢ ᠪᠡᠷ ᠬᠠᠨᠲᠤᠵᠤ ᠪᠠᠶᠢᠪᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120791120955098