蒙古文网站Logo
ᠰᠢᠨᠬᠤᠸᠠ ᠮᠤᠩᠭ᠋ᠤᠯ ᠨᠧᠲ

ᠪᠷᠠᠽᠢᠯ ᠸᠢᠷᠦ᠋ᠰ ᠤᠨ ᠪᠠᠴᠢᠮ ᠪᠠᠶᠢᠲᠠᠯ ᠡᠴᠡ ᠭᠠᠷᠪᠠ

2017-05-16 11:25

    ᠪᠷᠠᠽᠢᠯ ᠤᠨ ᠤᠯᠠᠨ ᠨᠡᠶᠢᠲᠡ ᠶᠢᠨ ᠡᠷᠡᠬᠦᠯ ᠮᠡᠨᠲᠦ ᠶᠢᠨ ᠭᠠᠵᠠᠷ ᠡᠴᠡ 11 ᠤ ᠡᠲᠦᠷ ᠽᠢᠺᠠ ᠸᠢᠷᠦ᠋ᠰ ᠤᠨ ᠪᠠᠴᠢᠮ ᠪᠠᠶᠢᠲᠠᠯ ᠡᠴᠡ ᠭᠠᠷᠤᠭᠰᠠᠨ ᠭᠡᠵᠦ ᠤᠨᠴᠠᠯᠠᠪᠠ᠃ 18 ᠰᠠᠷ᠎ᠠ ᠦᠷᠬᠦᠯᠵᠢᠯᠡᠭᠰᠡᠨ ᠡᠨᠡᠬᠦ ᠸᠢᠷᠦ᠋ᠰ ᠨᠢ ᠲᠡᠯᠡᠬᠡᠢ ᠶᠢᠨ ᠬᠡᠪᠯᠡᠯ ᠮᠡᠲᠡᠭᠡᠯᠡᠯ ᠤᠨ ᠬᠢᠨ ᠤ ᠠᠩᠬᠠᠷᠤᠯ ᠳ᠋ᠤ ᠬᠦᠷᠪᠡ᠃

    2015 ᠤᠨ ᠳ᠋ᠤ ᠡᠨᠡᠬᠦ ᠰᠢᠮᠠᠭᠤᠯ ᠤᠨ ᠲᠠᠮᠵᠢᠭᠤᠯᠭ᠎ᠠ ᠡᠴᠡ ᠬᠠᠯᠲᠠᠪᠤᠷᠢᠯᠠᠲᠠᠭ ᠸᠢᠷᠦ᠋ᠰ ᠨᠢᠯᠬ᠎ᠠ ᠬᠡᠦᠬᠡᠳ ᠤᠨ ᠲᠦᠷᠦᠯᠲᠡ ᠶᠢ ᠬᠦᠨᠳᠦ ᠨᠤᠴᠢᠲᠠᠢ ᠬᠠᠷᠰᠢᠯᠠᠲᠠᠭ ᠢ ᠬᠦᠮᠦᠰ ᠮᠡᠲᠡᠵᠡᠢ᠃ ᠽᠢᠺᠡ ᠸᠢᠷᠦ᠋ᠰ ᠤᠨ ᠨᠦᠯᠦᠭᠡᠯᠡᠯ ᠢᠶᠡᠷ ᠵᠢᠵᠢᠭ᠌ ᠲᠤᠯᠤᠭᠠᠢ ᠲᠠᠢ ᠡᠪᠡᠳᠴᠢᠨ ᠲᠡᠯᠭᠡᠷᠡᠵᠦ᠂ ᠨᠢᠯᠬ᠎ᠠ ᠬᠡᠦᠬᠡᠳ ᠤᠨ ᠲᠤᠯᠤᠭᠠᠢ ᠲᠤᠩ ᠵᠢᠵᠢᠭ᠌ ᠪᠤᠯᠲᠠᠭ᠃

    ᠵᠢᠵᠢᠭ ᠲᠤᠯᠤᠭᠠᠢ ᠲᠠᠢ ᠬᠡᠦᠬᠡᠳ ᠤᠨ ᠵᠢᠷᠤᠭ ᠰᠠᠴᠤᠭᠲᠠᠭᠰᠠᠨ ᠤ ᠲᠠᠷᠠᠭ᠎ᠠ ᠦᠷᠦᠨᠡᠳᠡᠬᠢᠨ ᠤ ᠤᠯᠤᠰ ᠵᠢᠴᠢ ᠪᠦᠬᠦ ᠲᠡᠯᠡᠬᠡᠢ ᠪᠡᠷ ᠢᠶᠡᠨ ᠰᠤᠴᠢᠨ ᠬᠡᠯᠮᠡᠭᠲᠡᠵᠦ᠂ 10 ᠭᠠᠷᠤᠢ ᠤᠯᠤᠰ ᠽᠢᠺᠡ ᠸᠢᠷᠦ᠋ᠰ ᠤᠨ ᠲᠤᠬᠠᠢ ᠮᠡᠲᠡᠬᠦᠯᠦᠯᠲᠡ ᠨᠡᠶᠢᠲᠡᠯᠡᠪᠡ᠃ ᠤᠯᠠᠩᠬᠢ ᠬᠦᠮᠦᠰ ᠽᠢᠺᠡ ᠸᠢᠷᠦ᠋ᠰ ᠲᠡᠯᠭᠡᠷᠡᠵᠦ ᠪᠦᠬᠦᠢ ᠤᠷᠤᠨ ᠪᠦᠰᠡ ᠳ᠋ᠡᠬᠢ ᠠᠶᠠᠯᠠᠯ ᠵᠢᠭᠤᠯᠴᠢᠯᠠᠯ ᠤᠨ ᠲᠦᠯᠦᠪᠯᠡᠭᠡ ᠪᠠᠨ ᠵᠤᠭᠰᠤᠭᠠᠭᠰᠠᠨ ᠪᠦᠭᠡᠳ ᠠᠮᠸᠷᠢᠺᠠ ᠶᠢᠨ ᠬᠢᠵᠢᠭ᠌ ᠡᠪᠡᠳᠴᠢᠨ ᠢ ᠰᠡᠷᠭᠡᠶᠢᠯᠡᠬᠦ ᠰᠠᠯᠠᠭ᠎ᠠ ᠮᠦᠴᠢᠷ ᠤᠨ ᠬᠢᠨ ᠵᠢᠷᠮᠦᠰᠦᠨ ᠡᠮᠡᠭᠲᠡᠶᠢᠴᠤᠳ ᠪᠷᠠᠽᠢᠯ ᠤᠷᠤᠭᠤ ᠵᠤᠷᠴᠢᠬᠤ ᠡᠴᠡ ᠲᠠᠲᠠᠭᠠᠯᠵᠠᠬᠤ ᠶᠢ ᠰᠠᠨᠠᠭᠤᠯᠪᠠ᠃

    ᠽᠢᠺᠡ ᠸᠢᠷᠦ᠋ᠰ ᠲᠡᠯᠭᠡᠷᠡᠬᠦ ᠦᠶ᠎ᠠ ᠪᠡᠷ ᠪᠷᠠᠽᠢᠯ ᠳ᠋ᠤ ᠶᠠᠭ ᠤᠯᠢᠮᠫᠢᠺ ᠤᠨ ᠴᠤᠭᠯᠠᠭᠠᠨ ᠵᠤᠬᠢᠶᠠᠨ ᠪᠠᠶᠢᠭᠤᠯᠤᠭᠲᠠᠵᠤ ᠪᠠᠶᠢᠭᠰᠠᠨ ᠪᠤᠯᠬᠤᠷ ᠢᠷᠭᠡᠳ ᠡᠷᠡᠬᠦᠯ ᠮᠡᠨᠲᠦ ᠶᠢᠨ ᠢᠶᠡᠨ ᠲᠠᠯ᠎ᠠ ᠪᠡᠷ ᠶᠡᠬᠡᠬᠡᠨ ᠰᠠᠨᠠᠭ᠎ᠠ ᠪᠤᠯᠵᠤ ᠪᠠᠶᠢᠭᠰᠠᠨ ᠶᠤᠮ᠃ ᠡᠨᠡ ᠵᠢᠯ ᠤᠨ 1 ᠰᠠᠷ᠎ᠠ ᠡᠴᠡ 4 ᠰᠠᠷ᠎ᠠ ᠶᠢᠨ ᠲᠤᠮᠲᠠᠴᠢ ᠪᠤᠯᠲᠠᠯ᠎ᠠ ᠽᠢᠺᠡ ᠸᠢᠷᠦ᠋ᠰ ᠲᠤ ᠬᠠᠯᠲᠠᠪᠤᠷᠢᠯᠠᠭᠰᠠᠨ ᠨᠤᠷᠮ᠎ᠠ ᠠᠳᠠᠯᠢ ᠬᠤᠭᠤᠴᠠᠭᠠᠨ ᠤ ᠬᠢ ᠡᠴᠡ 95ᠪᠡᠷ ᠪᠠᠭᠤᠷᠠᠭᠰᠠᠨ ᠭᠡᠵᠦ ᠪᠷᠠᠽᠢᠯ ᠤᠨ ᠡᠷᠡᠬᠦᠯ ᠮᠡᠨᠳᠦ ᠶᠢᠨ ᠰᠠᠯᠠᠭ᠎ᠠ ᠮᠦᠴᠢᠷ ᠡᠴᠡ ᠤᠨᠴᠠᠯᠠᠪᠠ᠃

    ᠲᠡᠯᠡᠬᠡᠢ ᠶᠢᠨ ᠡᠷᠡᠬᠦᠯ ᠮᠡᠨᠲᠦ ᠶᠢᠨ ᠵᠤᠬᠢᠶᠠᠨ ᠪᠠᠶᠢᠭᠤᠯᠤᠯᠲᠠ ᠡᠴᠡ ᠨᠢᠲᠤᠨᠤᠨ ᠤ 11 ᠰᠠᠷ᠎ᠠ ᠳ᠋ᠤ ᠽᠢᠺᠡ ᠸᠢᠷᠦ᠋ᠰ ᠤᠨ ᠲᠡᠯᠡᠬᠡᠢ ᠶᠢᠨ ᠪᠠᠴᠢᠮ ᠪᠠᠶᠢᠲᠠᠯ ᠡᠴᠡ ᠭᠠᠷᠤᠭᠰᠠᠨ ᠭᠡᠵᠡᠢ᠃

ᠢᠷᠡᠯᠳᠡ᠄ ᠯᠠᠪᠯᠠᠯᠲᠠ ᠶᠢᠨ ᠮᠡᠲᠡᠭᠡ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120791120980152