蒙古文网站Logo
ᠰᠢᠨᠬᠤᠸᠠ ᠮᠤᠩᠭ᠋ᠤᠯ ᠨᠧᠲ

ᠠᠮᠸᠷᠢᠺᠠ ᠺᠦᠪᠠ ᠶᠢᠨ ᠬᠠᠷᠢᠯᠴᠠᠭᠠᠨ ᠳ᠋ᠤ ᠰᠢᠨ᠎ᠡ ᠪᠠᠶᠢᠲᠠᠯ ᠢᠯᠡᠷᠡᠪᠡ

2017-05-16 11:30

    ᠡᠨᠡ ᠤᠨ ᠤ 4 ᠰᠠᠷ᠎ᠠ ᠡᠴᠡ ᠨᠠᠭᠠᠰᠢ᠂ ᠠᠮᠸᠷᠢᠺᠠ ᠶᠢᠨ ᠲᠠᠯᠠᠢ ᠶᠢᠨ ᠴᠠᠭᠲᠠᠭ᠎ᠠ ᠳ᠋ᠤ ᠬᠠᠰᠢᠭᠲᠠᠭᠰᠠᠨ ᠺᠦᠪᠠ ᠶᠢᠨ ᠴᠠᠭᠠᠴᠢ ᠢᠷᠭᠡᠨ ᠨᠢᠭᠡ  ᠴᠤ ᠢᠯᠡᠷᠡᠭᠰᠡᠨ ᠦᠭᠡᠢ᠂ ᠡᠨᠡ ᠨᠢ ᠲᠤᠯᠤᠭᠠᠨ ᠵᠢᠯ ᠤᠨ ᠲᠤᠷᠰᠢ ᠳ᠋ᠤ ᠠᠩᠬ᠎ᠠ ᠤᠲᠠᠭ᠎ᠠ ᠪᠤᠯᠵᠤ ᠪᠠᠶᠢᠭ᠎ᠠ ᠶᠤᠮ ᠭᠡᠵᠦ ᠠᠮᠸᠷᠢᠺᠠ ᠶᠢᠨ ᠬᠤᠯᠪᠤᠭᠠᠲᠤ ᠮᠡᠲᠡᠭᠡᠯᠡᠯ ᠤᠨ ᠬᠤᠷᠢᠶ᠎ᠠ 13 ᠤ ᠡᠲᠦᠷ ᠮᠡᠲᠡᠭᠡᠯᠡᠪᠡ᠃

    1995 ᠤᠨ ᠡᠴᠡ ᠠᠮᠸᠷᠢᠺᠠ ᠶᠢᠨ ᠤᠤᠯ ᠤᠨ ᠶᠡᠷᠦᠩᠬᠡᠶᠢᠯᠡᠭᠴᠢ ᠺᠸᠯᠢᠨᠳ᠋ᠤᠨ ᠺᠦᠪᠠ ᠶᠢᠨ ᠴᠠᠭᠠᠴᠢ ᠢᠷᠭᠡᠨ  ᠲᠠᠯᠠᠢ ᠶᠢᠨ ᠴᠠᠭᠲᠠᠭ᠎ᠠ ᠳ᠋ᠤ ᠬᠠᠰᠢᠭᠲᠠᠪᠠᠯ ᠡᠬᠡ ᠤᠷᠤᠨ ᠳ᠋ᠤᠨᠢ ᠬᠦᠭᠡᠭᠡᠵᠦ ᠶᠠᠪᠤᠭᠤᠯᠤᠨ᠎ᠠ; ᠠᠮᠸᠷᠢᠺᠠ ᠶᠢᠨ ᠨᠤᠲᠤᠭ ᠲᠡᠪᠢᠰᠭᠡᠷ ᠲᠤ ᠨᠢᠭᠡᠨᠲᠡ ᠬᠦᠯ ᠲᠦᠷᠦᠭᠰᠡᠨ ᠪᠤᠯ ᠬᠦᠯᠢᠶᠠᠨ ᠠᠪᠤᠨ᠎ᠠ ᠭᠡᠰᠡᠨ ᠲᠦᠷᠦ ᠶᠢᠨ ᠪᠤᠲᠤᠯᠭ᠎ᠠ ᠶᠢ ᠬᠡᠷᠡᠭᠵᠢᠬᠦᠯᠵᠦ ᠪᠠᠶᠢᠪᠠ᠃ ᠺᠦᠪᠠ ᠡᠨᠡᠬᠦ ᠲᠦᠷᠦ ᠶᠢᠨ ᠪᠤᠲᠤᠯᠭ᠎ᠠ ᠶᠢ ᠵᠢᠮᠡᠯᠡᠵᠦ᠂ ᠤᠯᠤᠰ ᠲᠦᠷᠦ ᠶᠢᠨ ᠵᠤᠷᠢᠯᠭ᠎ᠠ ᠲᠠᠢ᠂ ᠺᠦᠪᠠ ᠶᠢᠨ ᠢᠷᠭᠡᠨ ᠤ ᠡᠬᠡ ᠤᠷᠤᠨ ᠡᠴᠡ ᠪᠠᠨ ᠵᠢᠭᠤᠲᠠᠬᠤ ᠶᠢ ᠵᠤᠷᠢᠭᠵᠢᠭᠤᠯᠵᠤ ᠪᠠᠶᠢᠨ᠎ᠠ ᠭᠡᠵᠡᠢ᠃

    2014 ᠤᠨ ᠤ ᠰᠡᠬᠦᠯᠴᠢ ᠪᠡᠷ ᠠᠮᠸᠷᠢᠺᠠ ᠶᠢᠨ ᠤᠤᠯ ᠤᠨ ᠶᠡᠷᠦᠩᠬᠡᠶᠢᠯᠡᠭᠴᠢ ᠤᠤᠪᠠᠮᠠ ᠺᠦᠪᠠ ᠶᠢᠨ ᠤᠲᠤᠷᠢᠲᠤᠭᠴᠢ ᠺᠠᠰᠲ᠋ᠷᠤ᠋ ᠲᠠᠢ ᠬᠤᠶᠠᠷ ᠤᠯᠤᠰ ᠤᠨ ᠬᠠᠷᠢᠯᠴᠠᠭ᠎ᠠ ᠪᠠᠨ ᠬᠡᠪ ᠤᠨ ᠪᠤᠯᠭᠠᠭᠰᠠᠨ ᠤ ᠲᠠᠷᠠᠭ᠎ᠠ᠂ ᠲᠠᠯᠠᠢ ᠪᠡᠷ ᠠᠮᠸᠷᠢᠺᠠ ᠤᠷᠤᠭᠤ ᠵᠢᠭᠤᠲᠠᠬᠤ ᠺᠦᠪᠠ ᠶᠢᠨ ᠴᠠᠭᠠᠴᠢ ᠢᠷᠭᠡᠨ ᠤᠯᠠᠮ ᠢᠶᠡᠷ ᠨᠡᠮᠡᠭᠲᠡᠪᠡ᠃ 2016 ᠤᠨ ᠳ᠋ᠤ 5396 ᠺᠦᠪᠠ ᠶᠢᠨ ᠢᠷᠭᠡᠨ ᠬᠠᠰᠢᠭᠲᠠᠭᠰᠠᠨ ᠨᠢ 10 ᠵᠢᠯ ᠤᠨ ᠲᠤᠷᠰᠢᠬᠢ ᠬᠠᠮᠤᠭ ᠤᠨ ᠤᠯᠠᠨ ᠨᠢᠭᠡ ᠤᠲᠠᠭ᠎ᠠ ᠪᠤᠯᠪᠠ᠃ 5.6 ᠲᠦᠮᠡ ᠭᠠᠷᠤᠢ ᠺᠦᠪᠠ ᠶᠢᠨ ᠢᠷᠭᠡᠨ ᠮᠸᠺᠰᠢᠬᠦ ᠪᠡᠷ ᠲᠠᠮᠵᠢᠨ ᠪᠤᠰᠤᠳ ᠬᠡᠯᠪᠡᠷᠢ ᠪᠡᠷ ᠠᠮᠸᠷᠢᠺᠠ ᠶᠢᠨ ᠨᠤᠲᠤᠭ ᠲᠤ ᠬᠦᠯ ᠲᠦᠷᠦᠵᠡᠢ᠃

    ᠰᠡᠬᠦᠯ ᠤᠨ ᠦᠶ᠎ᠠ ᠳ᠋ᠤ᠂ ᠠᠮᠸᠷᠢᠺᠠ ᠶᠢᠨ ᠠᠯᠪᠠᠨ ᠤ ᠲᠠᠯ᠎ᠠ ᠶᠢᠨ ᠨᠡᠶᠢᠲᠡᠯᠡᠭᠰᠡᠨ ᠮᠡᠲᠡᠬᠦᠯᠦᠯᠲᠡ ᠳ᠋ᠤ ᠺᠦᠪᠠ ᠶᠢᠨ ᠢᠷᠭᠡᠨ ᠭᠤᠤᠯ ᠨᠢ ᠡᠳ᠋ ᠤᠨ ᠵᠠᠰᠠᠭ ᠤᠨ ᠬᠦᠴᠢᠷᠲᠡᠯ ᠡᠴᠡ ᠪᠤᠯᠵᠤ ᠠᠮᠸᠷᠢᠺᠠ ᠤᠷᠤᠭᠤ ᠵᠢᠭᠤᠲᠠᠨ ᠲᠤᠲᠠᠭᠠᠵᠤ ᠪᠠᠶᠢᠨ᠎ᠠ ᠭᠡᠵᠡᠢ᠃

    ᠺᠦᠪᠠ ᠶᠢᠨ ᠴᠠᠭᠠᠴᠢ ᠢᠷᠭᠡᠨ ᠠᠮᠸᠷᠢᠺᠠ ᠤᠷᠤᠭᠤ ᠵᠢᠭᠤᠲᠠᠨ ᠲᠤᠲᠠᠭᠠᠵᠤ ᠪᠠᠶᠢᠬᠤ ᠨᠢ ᠬᠤᠶᠠᠷ ᠤᠯᠤᠰ ᠤᠨ ᠬᠠᠷᠢᠯᠴᠠᠭᠠᠨ ᠤ ᠬᠦᠭ᠍ᠵᠢᠯᠲᠠ ᠳ᠋ᠤ ᠠᠰᠢᠭ ᠦᠭᠡᠢ ᠶᠤᠮ ᠭᠡᠵᠦ ᠺᠦᠪᠠ ᠶᠢᠨ ᠵᠠᠰᠠᠭ ᠤᠨ ᠭᠠᠵᠠᠷ ᠦᠵᠡᠵᠦ ᠪᠠᠶᠢᠨ᠎ᠠ᠃ ᠤᠲᠤᠬᠠᠨ ᠳ᠋ᠤ ᠺᠦᠪᠠ ᠶᠢᠨ ᠴᠠᠭᠠᠴᠢ ᠢᠷᠭᠡᠨ ᠠᠮᠸᠷᠢᠺᠠ ᠶᠢᠨ ᠨᠤᠲᠤᠭ ᠲᠠᠪᠢᠰᠭᠡᠷ ᠲᠤ ᠬᠦᠯ ᠲᠦᠷᠦᠭᠰᠡᠨ ᠴᠤ ᠲᠠᠬᠢᠨ ᠡᠬᠡ ᠤᠷᠤᠨ ᠤᠷᠤᠭᠤ ᠨᠢ ᠶᠠᠪᠤᠭᠤᠯᠬᠤ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011100001120980198