ᠭ᠍ᠸᠷᠢᠭ᠌᠌ ᠲᠤ ᠠᠵᠢᠯᠴᠢᠨ ᠠᠵᠢᠯ ᠬᠠᠶᠠᠯᠲᠠ ᠶᠠᠪᠤᠭᠤᠯᠪᠠ 2017-05-18 11:45

    ᠰᠢᠨᠬᠤᠸᠠ ᠬᠤᠷᠢᠶ᠎ᠠ    ᠠᠲ᠋ᠸᠨ ᠤ 5 ᠰᠠᠷ᠎ᠠ ᠶᠢᠨ 17 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢᠦ ᠶᠦᠩ ᠴᠢᠦ᠂ ᠯᠦ ᠵᠠᠨ ᠵᠢᠶᠸ ) 17 ᠤ ᠡᠲᠦᠷ᠂ ᠭ᠍ᠸᠷᠢᠭ᠌᠌ ᠲᠤ ᠠᠪᠤᠷᠠᠨ ᠲᠤᠰᠠᠯᠠᠬᠤ ᠬᠡᠯᠡᠯᠴᠡᠭᠡᠷ ᠬᠡᠷᠡᠭᠵᠢᠬᠦᠯᠦᠭᠲᠡᠭᠰᠡᠨ ᠡᠴᠡ ᠨᠠᠭᠠᠰᠢ ᠤᠯᠤᠰ ᠲᠠᠶᠠᠭᠠᠷ ᠤᠨ ᠠᠵᠢᠯᠴᠢᠨ ᠤ 50 ᠳ᠋ᠡᠬᠢ ᠠᠵᠢᠯ ᠬᠠᠶᠠᠯᠲᠠ ᠶᠠᠪᠤᠭᠤᠯᠵᠤ᠂ ᠵᠠᠰᠠᠭ ᠤᠨ ᠭᠠᠵᠠᠷ ᠤᠨ ᠰᠢᠨ᠎ᠡ ᠡᠭᠡᠯᠵᠢ ᠶᠢᠨ ᠲᠦᠰᠦᠪ ᠤᠨ ᠬᠢᠵᠠᠭᠠᠷᠯᠠᠯᠲᠠ ᠶᠢ ᠡᠰᠡᠷᠬᠦᠴᠡᠪᠡ᠃

    ᠲᠤᠬᠠᠢ ᠶᠢᠨ ᠡᠲᠦᠷ ᠠᠲ᠋ᠸᠨ ᠤ ᠬᠤᠲᠠ ᠶᠢᠨ ᠲᠦᠪ ᠲᠤ ᠶᠠᠪᠤᠭᠤᠯᠤᠭᠰᠠᠨ ᠠᠵᠢᠯ ᠬᠠᠶᠠᠯᠲᠠ ᠳ᠋ᠤ 1 ᠲᠦᠮᠡᠨ ᠬᠦᠮᠦᠨ ᠤᠷᠤᠯᠴᠠᠭᠰᠠᠨ ᠤ ᠨᠦᠯᠦᠭᠡ ᠪᠡᠷ ᠭ᠍ᠸᠷᠢᠭ᠌᠌ ᠤᠨ ᠤᠯᠤᠰ ᠡᠴᠡ ᠡᠷᠬᠢᠯᠡᠭᠰᠡᠨ ᠰᠤᠷᠭᠠᠭᠤᠯᠢ ᠬᠢᠴᠢᠶᠡᠯ ᠵᠤᠭᠰᠤᠵᠤ᠂ ᠨᠡᠶᠢᠲᠡ ᠶᠢᠨ ᠮᠠᠰᠢᠨ᠂ ᠭᠠᠯᠲᠤ ᠲᠡᠷᠭᠡ᠂ ᠬᠦᠯᠭᠡ ᠤᠩᠭ᠋ᠤᠴᠠ᠂ ᠠᠭᠠᠷ ᠠᠶᠠᠯᠠᠯ ᠰᠠᠭᠠᠲᠤᠯ ᠳ᠋ᠤ ᠤᠴᠠᠷᠠᠪᠠ᠃ ᠡᠨᠡᠬᠦ ᠠᠵᠢᠯ ᠬᠠᠶᠠᠯᠲᠠ ᠶᠢ ᠵᠤᠬᠢᠶᠠᠨ ᠪᠠᠶᠢᠭᠤᠯᠤᠭᠰᠠᠨ ᠭ᠍ᠸᠷᠢᠭ᠌᠌ ᠤᠨ ᠬᠤᠪᠢ ᠶᠢᠨ ᠦᠮᠴᠢᠯᠡᠯ ᠤᠨ ᠠᠵᠢᠯᠴᠢᠨ ᠤ ᠡᠪᠯᠡᠯ ᠪᠠ ᠠᠯᠪᠠ ᠬᠠᠭᠠᠭᠴᠢ ᠶᠢᠨ ᠡᠪᠯᠡᠯ ᠤᠨ ᠬᠢᠨ ᠤ ᠶᠠᠷᠢᠬᠤ ᠪᠡᠷ᠂ ᠨᠡᠶᠢᠲᠡ ᠶᠢᠨ ᠮᠠᠰᠢᠨ ᠤ ᠬᠢᠨ  ᠤ ᠠᠵᠢᠯ ᠬᠠᠶᠠᠯᠲᠠ 18 ᠤ ᠡᠲᠦᠷ ᠪᠤᠯᠲᠠᠯ᠎ᠠ ᠦᠷᠬᠦᠯᠵᠢᠯᠡᠵᠦ᠂ ᠬᠦᠯᠭᠡ ᠤᠩᠭ᠋ᠤᠴᠠᠨ ᠤ ᠬᠢᠨ ᠤ ᠠᠵᠢᠯ ᠬᠠᠶᠠᠯᠲᠠ 19 ᠤ ᠡᠲᠦᠷ ᠬᠦᠷᠦᠨ᠎ᠡ᠃

    ᠭ᠍ᠸᠷᠢᠭ᠌᠌ ᠤᠨ ᠵᠠᠰᠠᠭ ᠤᠨ ᠭᠠᠵᠠᠷ ᠤᠨ ᠢᠯᠡᠷᠬᠡᠶᠢᠯᠡᠭᠰᠡᠨ ᠢᠶᠡᠷ᠂ ᠭᠠᠶᠢᠯᠢ ᠲᠠᠲᠠᠪᠤᠷᠢ ᠪᠠᠨ  ᠨᠡᠮᠡᠬᠦ᠂ ᠨᠠᠰᠤᠵᠢᠯ ᠤᠨ ᠲᠠᠭᠠᠳᠬᠠᠯ ᠤᠨ ᠮᠦᠩᠬᠦ ᠶᠢ ᠪᠠᠭᠠᠰᠬᠠᠬᠤ ᠪᠠ ᠪᠤᠰᠤᠳ ᠬᠡᠯᠪᠡᠷᠢ ᠶᠢᠨ ᠦᠭᠡᠷᠡᠴᠢᠯᠡᠯᠲᠡ ᠶᠢᠨ ᠲᠦᠰᠦᠪ ᠤᠨ ᠬᠢᠵᠠᠭᠠᠷᠯᠠᠯᠲᠠ ᠨᠢ ᠠᠪᠴᠠᠭᠠᠨ ᠤ ᠡᠵᠡᠨ ᠤ ᠨᠡᠩ ᠤᠯᠠᠨ ᠲᠡᠮᠵᠢᠯᠭᠡ ᠶᠢ ᠬᠦᠷᠲᠡᠬᠦ ᠪᠦᠭᠡᠳ ᠵᠢᠭᠡᠯᠡᠯᠭᠡ ᠶᠢᠨ ᠬᠡᠯᠡᠯᠴᠡᠭᠡᠷ ᠢ ᠬᠦᠩᠭᠡᠯᠡᠬᠦ ᠪᠤᠯᠤᠨ᠎ᠡ ᠭᠡᠵᠡᠢ᠃ ᠡᠰᠡᠷᠬᠦᠴᠡᠭᠴᠢᠳ ᠤᠨ ᠦᠵᠡᠬᠦ ᠪᠡᠷ᠂ ᠤᠲᠠᠭᠠᠨ ᠬᠤᠭᠤᠴᠠᠭᠠᠨ ᠤ ᠠᠵᠢᠯ ᠠᠯᠲᠠᠬᠤ ᠵᠡᠷᠭᠡ ᠲᠦᠭᠰᠢᠭᠦᠷᠢ  ᠶᠢ ᠥᠨᠭ᠍ᠭᠡᠷᠡᠭᠡᠭ᠍ᠰᠡᠨ ᠭ᠍ᠸᠷᠢᠭ᠍ᠴᠤᠳ ᠲᠠᠬᠢᠨ ᠦᠷᠡᠭᠲᠡᠯ ᠭᠠᠷᠭᠠᠬᠤ ᠦᠭᠡᠢ ᠭᠡᠵᠡᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
010070230030000000000000011120791120994255