蒙古文网站Logo
ᠰᠢᠨᠬᠤᠸᠠ ᠮᠤᠩᠭ᠋ᠤᠯ ᠨᠧᠲ

ᠮᠤᠩᠭ᠋ᠤᠯ ᠤᠯᠤᠰ ᠶᠡᠷᠦᠩᠬᠡᠶᠢᠯᠡᠭᠴᠢ ᠳ᠋ᠤ ᠨᠡᠷ᠎ᠡ ᠲᠡᠪᠰᠢᠭᠴᠢ ᠶᠢ ᠠᠯᠪᠠᠨ ᠶᠤᠰᠤᠭᠠᠷ ᠵᠠᠷᠯᠠᠪᠠ

2017-05-18 16:17

    ᠰᠢᠨᠬᠤᠸᠠ ᠬᠤᠷᠢᠶ᠎ᠠ   ᠤᠯᠠᠭᠠᠨᠪᠠᠭᠠᠲᠤᠷ ᠤᠨ 5 ᠰᠠᠷ᠎ᠠ ᠶᠢᠨ 17 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠠᠰᠬᠠᠨ ) 17 ᠤ ᠡᠲᠦᠷ᠂ ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠶᠡᠷᠦᠩᠬᠡᠢ ᠬᠤᠷᠢᠶ᠎ᠠ ᠡᠴᠡ 2017 ᠤᠨ ᠤ ᠶᠡᠷᠦᠩᠬᠡᠶᠢᠯᠡᠭᠴᠢ ᠶᠢᠨ ᠰᠤᠩᠭ᠋ᠤᠭᠤᠯᠢ ᠳ᠋ᠤ ᠤᠷᠤᠯᠴᠠᠬᠤ ᠭᠤᠷᠪᠠᠨ ᠨᠠᠷ᠎ᠠ ᠲᠡᠪᠰᠢᠭᠴᠢ ᠶᠢ ᠠᠯᠪᠠᠨ ᠶᠤᠰᠤᠭᠠᠷ ᠵᠠᠷᠯᠠᠪᠠ᠃

    2017 ᠤᠨ ᠤ ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠳ᠋ᠤ ᠮᠤᠩᠭ᠋ᠤᠯ ᠠᠷᠠᠳ ᠤᠨ ᠨᠠᠮ ᠤᠨ ᠤᠲᠤ ᠶᠢᠨ ᠲᠠᠷᠤᠭ᠎ᠠ᠂ ᠤᠯᠤᠰ ᠤᠨ ᠶᠡᠬᠡ ᠬᠤᠷᠠᠯ ᠤᠨ ᠲᠠᠷᠤᠭ᠎ᠠ ᠮ  ᠡᠩᠬᠡᠪᠤᠯᠤᠳ᠂ ᠠᠷᠠᠳᠴᠢᠯᠠᠭᠰᠠᠨ ᠨᠠᠮ ᠤᠨ ᠤᠯᠤᠰ ᠤᠨ ᠶᠡᠬᠡ ᠬᠤᠷᠠᠯ ᠤᠨ ᠭᠡᠰᠢᠬᠦᠨ ᠠᠭᠰᠠᠨ ᠬ ᠪᠠᠲᠤᠲᠤᠯᠭ᠎ᠠ᠂ ᠮᠤᠩᠭ᠋ᠤᠯ ᠠᠷᠠᠳ ᠤᠨ ᠬᠤᠪᠢᠰᠬᠠᠯᠲᠤ ᠨᠠᠮ ᠤᠨ ᠤᠯᠤᠰ ᠤᠨ ᠶᠡᠬᠡ ᠬᠤᠷᠠᠯ ᠤᠨ ᠭᠡᠰᠢᠬᠦᠨ ᠠᠭᠰᠠᠨ ᠰ  ᠭᠠᠩᠪᠠᠭᠠᠲᠤᠷ ᠨᠡᠷ᠎ᠡ ᠲᠡᠪᠰᠢᠵᠡᠢ᠃

    14 ᠤ ᠡᠲᠦᠷ᠂ ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠶᠡᠷᠦᠩᠬᠡᠢ ᠬᠤᠷᠢᠶ᠎ᠠ ᠡᠴᠡ ᠡᠷᠡᠬᠦᠦ ᠶᠢᠨ ᠬᠤᠭᠤᠴᠠᠭ᠎ᠠ ᠬᠠᠷᠠᠬᠠᠨ ᠲᠠᠭᠤᠰᠤᠭ᠎ᠠ ᠦᠭᠡᠢ ᠭᠡᠵᠦ ᠮᠤᠩᠭ᠋ᠤᠯ ᠠᠷᠠᠳ ᠤᠨ ᠬᠤᠪᠢᠰᠬᠠᠯᠲᠤ ᠨᠠᠮ ᠤᠨ ᠲᠠᠷᠤᠭ᠎ᠠ ᠠᠭᠰᠠᠨ ᠨ ᠡᠩᠬᠡᠪᠠᠶᠠᠷ ᠢ ᠶᠡᠷᠦᠩᠬᠡᠶᠢᠯᠡᠭᠴᠢ ᠶᠢᠨ ᠨᠡᠷ᠎ᠡ ᠲᠡᠪᠰᠢᠭ᠍ᠴᠢ ᠪᠡᠷ ᠪᠦᠷᠢᠳᠭᠡᠬᠦᠯᠬᠦ ᠡᠴᠡ ᠲᠠᠲᠠᠭᠠᠯᠵᠠᠵᠠᠢ᠃ ᠲᠤᠰ ᠨᠠᠮ ᠡᠴᠡ ᠰ ᠭᠠᠩᠪᠠᠭᠠᠲᠤᠷ ᠢ ᠶᠡᠷᠦᠩᠬᠡᠶᠢᠯᠡᠭᠴᠢ ᠶᠢᠨ ᠨᠡᠷ᠎ᠡ ᠲᠡᠪᠰᠢᠭᠴᠢ ᠪᠡᠷ ᠲᠡᠪᠰᠢᠬᠦᠯᠵᠦ᠂ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠶᠡᠷᠦᠩᠬᠡᠶ ᠬᠤᠷᠢᠶ᠎ᠠ ᠵᠦᠪᠰᠢᠶᠡᠷᠡᠪᠡ᠃

    ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ 6 ᠰᠠᠷ᠎ᠠ ᠶᠢᠨ 26 ᠤ ᠡᠲᠦᠷ ᠶᠠᠪᠤᠭᠲᠠᠨ᠎ᠠ᠃ ᠬᠠᠮᠢᠶ᠎ᠠ ᠲᠠᠢ ᠬᠠᠦᠯᠢ ᠲᠤᠭᠲᠠᠭᠠᠮᠵᠢ ᠳ᠋ᠤ᠂ ᠤᠯᠤᠰ ᠤᠨ ᠶᠡᠬᠡ ᠬᠤᠷᠠᠯ  ᠳᠤ ᠰᠠᠭᠤᠳᠠᠯ ᠲᠠᠢ ᠤᠯᠤᠰ ᠲᠦᠷᠦ ᠶᠢᠨ ᠨᠠᠮ  ᠤᠨ ᠬᠢᠨ ᠴᠦᠮ ᠶᠡᠷᠦᠩᠬᠡᠶᠢᠯᠡᠭᠴᠢ ᠳᠤ ᠨᠡᠷ᠎ᠠ ᠳᠡᠪᠰᠢᠭᠴᠢ ᠪᠡᠨ ᠪᠠᠲᠤᠯᠠᠭᠠᠵᠢᠭᠤᠯᠬᠤ ᠡᠷᠭᠡ ᠲᠠᠢ᠃ ᠤᠯᠤᠰ ᠤᠨ ᠶᠡᠬᠡ ᠬᠤᠷᠠᠯ  76 ᠰᠠᠭᠤᠲᠠᠯ ᠲᠤᠬᠢᠷᠠᠭᠤᠯᠪᠠ᠂ ᠡᠭᠦᠨ ᠳ᠋ᠤ ᠮᠤᠩᠭ᠋ᠤᠯ ᠠᠷᠠᠳ ᠤᠨ ᠨᠠᠮ 65 ᠰᠠᠭᠤᠲᠠᠯ᠂ ᠠᠷᠠᠳᠴᠢᠯᠠᠭᠰᠠᠨ ᠨᠠᠮ 9 ᠰᠠᠭᠤᠲᠠᠯ᠂ ᠮᠤᠩᠭ᠋ᠤᠯ ᠠᠷᠠᠳ ᠤᠨ ᠬᠤᠪᠢᠰᠬᠠᠯᠲᠤ ᠨᠠᠮ 1 ᠰᠠᠭᠤᠲᠠᠯ᠂ ᠪᠠᠶ᠎ᠠ ᠲᠠᠭᠠᠭᠠᠭᠰᠠᠨ ᠨᠡᠷ᠎ᠠ ᠳᠡᠪᠰᠢᠭᠴᠢ ᠢᠢᠨ 1 ᠰᠠᠭᠤᠲᠠᠯ ᠪᠤᠢ᠃ 

    ᠦᠨᠳᠤᠰᠤᠨ ᠬᠠᠤᠯᠢ ᠪᠡᠷ᠂ ᠮᠣᠩ᠋ᠭᠤᠯ ᠤᠯᠤᠰ ᠪᠤᠯ ᠫᠠᠷᠯᠠᠮᠧᠨ᠋ᠲ ᠤᠨ ᠵᠠᠰᠠᠭᠯᠠᠯᠳᠤ ᠤᠯᠤᠰ᠂ ᠶᠡᠷᠦᠩᠬᠡᠶᠢᠯᠡᠭᠴᠢ ᠨᠢ ᠲᠦᠷᠦ ᠶᠢᠨ ᠳᠡᠷᠢᠬᠦᠨ ᠪᠤᠯᠬᠤ ᠮᠦᠷᠲᠡᠬᠡᠨ ᠵᠡᠪᠰᠡᠭᠲᠤ ᠬᠦᠴᠦᠨ ᠤ ᠶᠡᠷᠦᠩᠬᠡᠢ ᠺᠤᠮᠠᠨᠳᠠᠯᠠᠬᠴᠢ ᠪᠤᠯᠬᠤ ᠶᠤᠮ᠃ ᠶᠡᠷᠦᠩᠬᠡᠶᠢᠯᠡᠭᠴᠢ ᠵᠢᠨ ᠳᠤᠰᠢᠶᠠᠯ ᠳᠤ ᠪᠠᠶᠢᠬᠤ ᠬᠤᠭᠤᠴᠠᠭ᠎ᠠ ᠨᠢ 4 ᠵᠢᠯ᠂ ᠠᠬᠢᠵᠤ ᠨᠢᠬᠡ ᠤᠳᠠᠭ᠎ᠠ ᠤᠯᠠᠷᠢᠵᠤ ᠰᠤᠩᠭ᠋ᠤᠭᠳᠠᠵᠤ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
关闭
010070230030000000000000011120791120995877