蒙古文网站Logo
ᠰᠢᠨᠬᠤᠸᠠ ᠮᠤᠩᠭ᠋ᠤᠯ ᠨᠧᠲ

ᠢᠷᠠᠨ ᠳᠤ ᠰᠦᠷᠳᠡᠬᠦᠯᠦᠯ ᠤᠨ ᠳᠠᠭᠠᠷᠢᠯᠳᠠ ᠡᠬᠦᠰᠴᠤ 17 ᠬᠦᠮᠦᠨ ᠤ ᠠᠮᠢᠨ ᠳᠤ ᠬᠦᠷᠴᠠᠢ

2017-06-09 11:03

    ᠰᠢᠨᠬᠤᠧᠠ ᠬᠤᠷᠢᠶ᠎ᠠ  ᠲᠧᠾᠷᠠᠨ ᠤ 6 ᠰᠠᠷ᠎ᠠ ᠶᠢᠨ 7 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠮᠦ᠋ ᠳ᠋ᠦᠩ) ᠢᠷᠠᠨ ᠤ ᠬᠠᠤᠯᠢ ᠴᠠᠭᠠᠵᠠ ᠶᠢᠨ ᠡᠮ ᠡᠮᠨᠡᠯᠬᠡ ᠶᠢᠨ ᠪᠠᠶᠢᠭᠤᠯᠤᠮᠵᠢ ᠡᠴᠡ 8 ᠤ ᠡᠳᠦᠷ ᠵᠠᠳᠠᠷᠠᠭᠤᠯᠬᠤ ᠳᠤ ᠪᠡᠨ᠂ ᠢᠷᠠᠨ ᠤ ᠨᠡᠶᠢᠰᠯᠡᠯ ᠲᠧᠾᠷᠠᠨ ᠳᠤ ᠡᠬᠦᠰᠦᠭᠰᠡᠨ ᠬᠤᠶᠠᠷ ᠤᠳᠠᠭᠠᠨ ᠤ ᠰᠦᠷᠳᠡᠬᠦᠯᠦᠯ ᠤᠨ ᠳᠠᠭᠠᠷᠢᠯᠳᠠ ᠨᠢᠬᠡᠨᠳᠡ 17 ᠬᠦᠮᠦᠨ ᠤ ᠠᠮᠢᠨ ᠳᠤ ᠬᠦᠷᠴᠤ᠂ 52 ᠬᠦᠮᠦᠨ ᠰᠢᠷᠬᠠᠳᠤᠭᠰᠠᠨ ᠭᠡᠵᠡᠢ᠃

    7 ᠤ ᠦᠳᠡ ᠶᠢᠨ ᠡᠮᠦᠨ᠎ᠡ᠂ ᠦᠪᠴᠢ ᠵᠡᠪᠰᠡᠭᠯᠡᠭᠰᠡᠨ 4 ᠬᠦᠮᠦᠨ  ᠢᠷᠠᠨ ᠤ ᠤᠯᠤᠰ ᠤᠨ ᠬᠤᠷᠠᠯ ᠤᠨ ᠠᠰᠠᠷ ᠲᠤ ᠳᠠᠭᠠᠷᠢᠨ ᠤᠷᠤᠵᠤ ᠬᠦᠮᠦᠰ ᠢ ᠫᠤᠤᠳᠠᠭᠰᠠᠨ ᠪᠠ ᠨᠢᠬᠡ ᠨᠢ ᠪᠡᠶ᠎ᠡ ᠳᠤ ᠪᠡᠨ ᠠᠪᠴᠤ ᠶᠠᠪᠤᠭᠰᠠᠨ ᠳᠡᠯᠪᠡᠷᠡᠬᠦ ᠪᠤᠳᠠᠰ ᠢᠶᠡᠨ ᠳᠡᠯᠪᠡᠷᠡᠬᠦᠯᠵᠡᠢ᠃ ᠮᠦᠨ ᠳᠤᠰ ᠡᠳᠦᠷ ᠲᠧᠾᠷᠠᠨ ᠤ ᠡᠮᠦᠨᠡᠳᠦ ᠪᠦᠰᠡ ᠳ᠋ᠡᠬᠢ ᠢᠷᠡᠨ ᠤ ᠤᠤᠯ ᠤᠨ ᠤᠳᠤᠷᠢᠳᠤᠭᠴᠢ ᠶᠢᠨ ᠪᠤᠩᠬᠤᠨ ᠵᠡᠪᠰᠡᠭᠳᠤ ᠬᠦᠴᠦᠨ ᠤ ᠳᠠᠭᠠᠷᠢᠯᠳᠠ ᠳᠤ ᠤᠴᠠᠷᠠᠭᠰᠠᠨ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
关闭
010070230030000000000000011100001121115014