蒙古文网站Logo
ᠰᠢᠨᠬᠤᠸᠠ ᠮᠤᠩᠭ᠋ᠤᠯ ᠨᠧᠲ

ᠡᠨᠡ ᠤᠨ ᠳ᠋ᠤ ᠮᠤᠩᠭᠤᠯ ᠤᠯᠤᠰ ᠤᠨ 4 ᠢᠷᠭᠡᠨ ᠬᠠᠴᠢᠭ ᠲᠤ ᠬᠠᠵᠠᠭᠲᠠᠵᠤ ᠠᠮᠢ ᠨᠠᠰᠤ ᠪᠠᠨ ᠠᠯᠲᠠᠪᠠ

2017-06-15 10:02

    ᠰᠢᠨᠬᠤᠧᠠ ᠬᠤᠷᠢᠶ᠎ᠠ   ᠤᠯᠠᠭᠠᠨᠪᠠᠭᠠᠲᠤᠷ ᠤᠨ 6 ᠰᠠᠷ᠎ᠠ ᠶᠢᠨ 14 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠠᠰᠬᠠᠨ ) ᠮᠤᠩᠭᠤᠯ ᠤᠯᠤᠰ ᠤᠨ ᠡᠷᠡᠬᠦᠯ ᠬᠠᠮᠠᠭᠠᠯᠠᠯ ᠤᠨ ᠠᠯᠪᠠᠨ ᠡᠴᠡ 14 ᠤ ᠡᠲᠦᠷ ᠮᠡᠲᠡᠭᠲᠡᠭᠰᠡᠨ ᠢᠶᠡᠷ᠂ ᠡᠨᠡ ᠤᠨ ᠡᠴᠡ ᠨᠠᠭᠠᠰᠢ ᠮᠤᠩᠭᠤᠯ ᠤᠯᠤᠰ ᠤᠨ 971 ᠢᠷᠭᠡᠨ ᠬᠠᠴᠢᠭ ᠲᠤ ᠬᠠᠵᠠᠭᠲᠠᠨ ᠡᠪᠡᠳᠴᠢᠯᠡᠵᠦ᠂ 4 ᠢᠷᠭᠡᠨ ᠠᠮᠢ ᠨᠠᠰᠤ ᠪᠠᠨ ᠠᠯᠲᠠᠪᠠ ᠭᠡᠵᠡᠢ᠃

    ᠤᠯᠠᠭᠠᠨᠪᠠᠭᠠᠲᠤᠷ ᠬᠤᠲᠠ ᠶᠢᠨ ᠡᠷᠡᠬᠦᠯ ᠬᠠᠮᠠᠭᠠᠯᠠᠯ ᠤᠨ ᠭᠠᠵᠠᠷ ᠤᠨ ᠮᠡᠷᠭᠡᠵᠢᠯᠲᠡᠨ ᠨᠠᠪᠴᠢ ᠶᠢᠨ ᠬᠡᠯᠡᠬᠦ ᠪᠡᠷ᠂ ᠡᠨᠡ ᠤᠨ ᠡᠴᠡ ᠨᠠᠭᠠᠰᠢ ᠮᠤᠩᠭᠤᠯ ᠤᠯᠤᠰ ᠤᠨ ᠢᠷᠭᠡᠨ ᠬᠠᠴᠢᠭ ᠲᠤ ᠬᠠᠵᠠᠭᠲᠠᠨ ᠡᠪᠡᠳᠴᠢᠯᠡᠬᠦ ᠪᠠᠶᠢᠲᠠᠯ ᠨᠢᠲᠤᠨᠤᠨ ᠤ ᠠᠳᠠᠯᠢ ᠬᠤᠭᠤᠴᠠᠭᠠ ᠤ ᠬᠢ ᠡᠴᠡ ᠬᠤᠶᠠᠷ ᠲᠠᠬᠢᠨ ᠢᠶᠡᠷ ᠨᠡᠮᠡᠭᠲᠡᠬᠦ ᠬᠠᠨᠲᠤᠰᠢ ᠲᠠᠢ᠃ ᠪᠦᠬᠦ ᠤᠯᠤᠰ ᠤᠨ ᠬᠡᠪᠴᠢᠶᠠᠨ ᠳ᠋ᠤ ᠬᠠᠴᠢᠭ ᠲᠤ ᠬᠠᠵᠠᠭᠲᠠᠵᠤ ᠡᠪᠡᠳᠴᠢᠯᠡᠭᠰᠡᠨ ᠵᠢᠱᠢᠶ᠎ᠠ ᠤᠯᠠᠨ ᠪᠠᠶᠢᠵᠤ᠂ ᠡᠭᠦᠨ ᠳ᠋ᠤ ᠰᠡᠯᠡᠩᠬᠡ ᠠᠶᠢᠮᠠᠭ᠂ ᠪᠤᠯᠠᠭᠠᠨ ᠠᠶᠢᠮᠠᠭ᠂ ᠡᠷᠳᠡᠨᠢᠲᠦ ᠬᠤᠲᠠ ᠵᠡᠷᠭᠡ ᠬᠤᠶᠢᠲᠤ ᠪᠦᠰᠡ ᠶᠢᠨ ᠤᠶᠢᠲᠤ ᠤᠷᠤᠨ ᠪᠠ ᠲᠠᠯ᠎ᠠ ᠭᠠᠵᠠᠷ ᠢᠶᠡᠷ ᠭᠤᠤᠯ ᠲᠠᠷᠬᠠᠵᠤ ᠪᠠᠶᠢᠲᠠᠭ᠃ ᠮᠤᠩᠭᠤᠯ ᠤᠯᠤᠰ ᠲᠤ 2003 ᠤᠨ ᠳ᠋ᠤ ᠬᠠᠴᠢᠭ ᠲᠤ ᠬᠠᠵᠠᠭᠲᠠᠭᠰᠠᠨ ᠡᠪᠡᠳᠴᠢᠨ ᠤ ᠵᠢᠱᠢᠶ᠎ᠠ ᠠᠩᠬ᠎ᠠ ᠡᠭᠦᠰᠴᠦ᠂ 2005 ᠤᠨ ᠳ᠋ᠤ ᠡᠮᠨᠡᠯᠭᠡ ᠶᠢᠨ ᠬᠤᠷᠢᠶ᠎ᠠ ᠡᠴᠡ ᠠᠩᠬᠠᠨ ᠤ ᠡᠪᠡᠳᠴᠢᠲᠠᠨ ᠢ ᠡᠮᠴᠢᠯᠡᠵᠡᠢ᠃ ᠲᠤᠰᠬᠠᠢ ᠮᠡᠷᠭᠡᠵᠢᠯᠲᠡᠨ ᠡᠴᠡ ᠢᠷᠭᠡᠳ ᠢ ᠬᠦᠲᠡᠭᠡ ᠭᠠᠲᠠᠭ᠎ᠠ ᠰᠠᠯᠬᠢᠨ ᠳ᠋ᠤ ᠭᠠᠷᠬᠤ ᠳ᠋ᠠᠭᠠᠨ᠂ ᠤᠨᠴᠠᠭᠠᠶᠢᠯᠠᠨ ᠠᠭᠤᠯᠠᠨ ᠤᠷᠤᠨ᠂ ᠤᠶᠢᠲᠤ ᠭᠠᠵᠠᠷ᠂ ᠲᠠᠯ᠎ᠠ ᠨᠤᠲᠤᠭ ᠢᠶᠡᠷ ᠵᠤᠭᠠᠴᠠᠬᠤ ᠳ᠋ᠠᠭᠠᠨ ᠪᠦᠲᠦᠮᠵᠢᠲᠡᠢ ᠠᠷᠭ᠎ᠠ ᠬᠡᠮᠵᠢᠶ᠎ᠠ ᠠᠪᠴᠤ᠂ ᠬᠠᠴᠢᠭ ᠲᠤ ᠬᠠᠵᠠᠭᠲᠠᠬᠤ ᠡᠴᠡ ᠬᠢᠴᠢᠶᠠᠬᠦ ᠶᠢ ᠰᠠᠨᠠᠭᠤᠯᠵᠤ ᠪᠠᠶᠢᠨ᠎ᠠ᠃

    ᠬᠠᠴᠢᠭ ᠭᠤᠤᠯᠲᠠᠭᠤ ᠮᠤᠩᠭᠤᠯ ᠤᠯᠤᠰ᠂ ᠲᠤᠮᠲᠠᠲᠤ ᠤᠯᠤᠰ᠂ ᠶᠠᠫᠤᠨ᠂ ᠺᠤᠷᠢᠶᠠ ᠵᠡᠷᠭᠡ ᠵᠡᠬᠦᠨ ᠬᠤᠶᠢᠲᠤ ᠠᠽᠢᠶ᠎ᠠ ᠶᠢᠨ ᠤᠯᠤᠰ ᠢᠶᠡᠷ ᠲᠠᠷᠬᠠᠵᠤ᠂ ᠡᠪᠡᠰᠦᠲᠦ ᠭᠠᠵᠠᠷ᠂ ᠤᠷᠭᠤᠮᠠᠯ ᠪᠠ ᠠᠮᠢᠲᠠᠨ ᠤ ᠠᠷᠠᠰᠤᠨ ᠳ᠋ᠤ ᠠᠮᠢᠲᠤᠷᠠᠵᠤ᠂ ᠬᠦᠮᠦᠨ ᠤ ᠠᠮᠢᠨ ᠳ᠋ᠤ ᠬᠤᠤᠷᠲᠠᠢ ᠬᠠᠯᠲᠠᠪᠤᠷᠢᠲᠤ ᠡᠪᠡᠳᠴᠢᠨ ᠲᠠᠷᠬᠠᠭᠠᠲᠠᠭ᠃ ᠬᠡᠷᠪᠡ ᠬᠤᠶᠠᠷ ᠭᠠᠷᠠᠭ ᠤᠨ ᠲᠤᠲᠤᠷ᠎ᠠ ᠡᠮᠴᠢᠯᠡᠬᠦᠯᠬᠦ ᠦᠭᠡᠢ ᠪᠤᠯ ᠠᠮᠢ ᠨᠠᠰᠤᠨ ᠳ᠋ᠤ ᠠᠶᠤᠯ ᠲᠠᠢ ᠪᠤᠯᠵᠤ᠂ ᠦᠬᠦᠯᠲᠡ ᠶᠢᠨ ᠨᠤᠷᠮ᠎ᠠ ᠨᠢ 30 % ᠡᠴᠡ ᠲᠡᠭᠡᠭ᠍ᠰᠢ ᠬᠦᠷᠲᠡᠭ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121147124