蒙古文网站Logo
ᠰᠢᠨᠬᠤᠸᠠ ᠮᠤᠩᠭ᠋ᠤᠯ ᠨᠧᠲ

ᠮᠤᠩᠭᠤᠯ ᠤᠯᠤᠰ ᠤᠨ ᠨᠠᠶ᠋ᠮᠠᠨ ᠬᠤᠪᠢ ᠶᠢᠨ ᠨᠤᠳᠤᠭ ᠠᠳᠠᠯᠢ ᠪᠤᠰᠤ ᠬᠡᠮᠵᠢᠶ᠎ᠡ ᠪᠡᠷ ᠴᠦᠯᠵᠢᠵᠡᠢ

2017-06-18 15:47

    ᠰᠢᠨᠬᠤᠧᠠ ᠬᠤᠷᠢᠶ᠎ᠠ   ᠤᠯᠠᠭᠠᠨᠪᠠᠭᠠᠳᠤᠷ ᠤᠨ 6 ᠰᠠᠷ᠎ᠠ ᠶᠢᠨ 17 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠠᠰᠬᠠᠨ) ᠮᠤᠩᠭᠤᠯ ᠤᠯᠤᠰ ᠤᠨ ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ ᠤ ᠬᠠᠮᠤᠭ ᠤᠨ ᠰᠢᠨ᠎ᠡ ᠪᠦᠷᠢᠳᠬᠡᠯ ᠢᠶᠡᠷ᠂ ᠳᠤᠰ ᠬᠦᠷᠦᠨ ᠤ 76.8% ᠶᠢᠨ ᠨᠤᠳᠤᠭ ᠨᠢᠬᠡᠨᠳᠡ ᠠᠳᠠᠯᠢ ᠪᠤᠰᠤ ᠬᠡᠮᠵᠢᠶ᠎ᠡ ᠪᠡᠷ ᠴᠦᠯᠵᠢᠵᠤ ᠳᠤᠷᠤᠨᠠᠳᠤ ᠠᠶᠢᠮᠠᠭ᠂ ᠬᠡᠨᠳᠡᠢ ᠠᠶᠢᠮᠠᠭ ᠤᠷᠤᠭᠤ ᠬᠤᠷᠳᠤ ᠲᠠᠢ ᠲᠦᠷᠢᠵᠤ ᠪᠤᠢ ᠬᠡᠰᠡᠨ ᠦᠵᠡᠬᠦᠯᠦᠯᠳᠡ ᠭᠠᠷᠴᠠᠢ᠃

    ᠮᠤᠩᠭᠤᠯ ᠤᠯᠤᠰ ᠤᠨ ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ ᠤ ᠰᠠᠶᠢᠳ ᠳ᠋•ᠤᠶᠤᠨᠬᠤᠷᠯᠤ ᠰᠠᠶ᠊ᠢᠬᠠᠨ ᠤᠯᠤᠰ ᠤᠨ ᠶᠡᠬᠡ ᠬᠤᠷᠠᠯ ᠳᠤ ᠳᠡᠪᠰᠢᠬᠦᠯᠦᠭᠰᠡᠨ ᠳᠠᠶᠢᠯᠤᠨ ᠳᠤ ᠪᠡᠨ᠂ ᠴᠠᠭ ᠠᠭᠠᠷ ᠤᠨ ᠬᠤᠪᠢᠷᠠᠯᠳᠠ᠂ ᠨᠤᠳᠤᠭ ᠪᠡᠯᠴᠢᠬᠡᠷ ᠤᠨ ᠵᠤᠬᠢᠰ ᠦᠬᠡᠢ ᠠᠰᠢᠭᠯᠠᠯᠳᠠ ᠵᠢᠴᠢ ᠵᠠᠮᠪᠠᠷᠠᠭ᠎ᠠ ᠦᠬᠡᠢ ᠠᠭᠤᠯᠠ ᠠᠭᠤᠷᠬᠠᠢ ᠶᠢᠨ ᠤᠯᠪᠤᠷᠢᠯᠠᠯᠳᠠ ᠵᠡᠷᠬᠡ ᠡᠴᠡ ᠰᠢᠯᠳᠠᠭᠠᠯᠠᠨ ᠮᠤᠩᠭᠤᠯ ᠤᠯᠤᠰ ᠤᠨ ᠨᠤᠳᠤᠭ ᠴᠦᠯᠵᠢᠯ ᠳᠤ ᠦᠷᠳᠦᠵᠤ ᠤᠳᠤ ᠪᠡᠷ 774 ᠪᠤᠯᠠᠭ᠂ 263 ᠭᠤᠤᠯ ᠭᠤᠷᠤᠬ᠎ᠠ᠂ 346 ᠨᠠᠭᠤᠷ ᠴᠦᠬᠦᠷᠦᠮ ᠬᠠᠳᠠᠵᠤ ᠤᠷᠤᠰᠬᠠᠯ ᠳᠠᠰᠤᠷᠠᠭᠰᠠᠨ ᠬᠡᠵᠡᠢ᠃

    ᠮᠤᠩᠭᠤᠯ ᠤᠯᠤᠰ ᠨᠢ ᠳᠡᠯᠡᠬᠡᠢ ᠶᠢᠨ ᠬᠤᠶᠠᠳᠡᠬᠢ ᠳᠤᠮᠤ ᠡᠬᠡ ᠬᠠᠭᠤᠷᠠᠢ ᠶᠢᠨ ᠤᠯᠤᠰ ᠪᠤᠯᠬᠤ ᠶᠤᠮ᠃ 90% ᠶᠢᠨ ᠨᠤᠳᠤᠭ ᠨᠢ ᠭᠠᠩ ᠬᠠᠭᠤᠷᠠᠢ ᠪᠦᠰᠡ ᠳᠤ ᠬᠠᠷᠢᠶᠠᠯᠠᠭᠳᠠᠳᠠᠭ ᠪᠤᠯᠬᠤᠷ ᠠᠽᠢᠶ᠎ᠠ ᠶᠢᠨ ᠴᠦᠯᠵᠢᠯ ᠢᠶᠡᠷ ᠬᠠᠮᠤᠭ ᠤᠨ ᠨᠤᠴᠢᠳᠠᠢ ᠤᠯᠤᠰ ᠤᠨ ᠨᠢᠬᠡ ᠪᠤᠯᠵᠠᠢ᠃ ᠳᠤᠭᠠᠴᠠᠭᠠᠯᠠᠵᠤ ᠪᠠᠶᠢᠭ᠎ᠠ ᠪᠡᠷ᠂ ᠰᠡᠬᠦᠯ ᠤᠨ 80 ᠵᠢᠯ ᠳᠤ ᠳᠤᠰ ᠬᠦᠷᠦᠨ ᠤ ᠴᠠᠭ ᠠᠭᠠᠷ ᠤᠨ ᠳᠤᠯᠠᠭᠠᠷᠠᠯ ᠨᠢ ᠳᠡᠯᠡᠬᠡᠢ ᠶᠢᠨ ᠳᠤᠮᠳᠠᠴᠢ ᠬᠤᠷᠳᠤᠴᠠ ᠡᠴᠡ 3 ᠳᠠᠬᠢᠨ ᠢᠯᠡᠬᠦᠦ ᠪᠠᠶᠢᠵᠤ᠂ ᠤᠢ ᠰᠢᠭᠤᠢ ᠶᠢᠨ ᠪᠦᠷᠬᠦᠴᠡ ᠦᠩᠬᠡᠷᠡᠭᠰᠡᠨ ᠵᠠᠭᠤᠨ ᠤ ᠳᠠᠪᠢᠭᠠᠳ ᠤᠨ ᠤ ᠦᠶ᠎ᠡ ᠶᠢᠨ ᠬᠢ ᠡᠴᠡ 2 ᠳᠠᠬᠢᠨ ᠢᠶᠡᠷ ᠪᠠᠭᠤᠷᠠᠭᠰᠠᠨ ᠪᠠᠶᠢᠨ᠎ᠠ᠃

    ᠮᠤᠩᠭᠤᠯ ᠤᠯᠤᠰ ᠤᠨ ᠳᠤᠮᠳᠠᠴᠢ ᠠᠭᠠᠷ ᠤᠨ ᠳᠤᠯᠠᠭᠠᠨ ᠦᠷᠬᠦᠯᠵᠢᠯᠡᠨ ᠳᠡᠬᠡᠭᠰᠢᠯᠡᠵᠤ ᠪᠠᠶᠢᠭ᠎ᠠ ᠳᠤᠬᠢᠶᠠᠯᠳᠤᠯ ᠳᠤ᠂ ᠴᠦᠯᠵᠢᠯ ᠤᠨ ᠡᠰᠡᠷᠬᠦ ᠦᠷ᠎ᠡ ᠳ᠋ᠦᠩ ᠲᠠᠢ ᠠᠵᠢᠯᠯᠠᠬᠤ ᠦᠬᠡᠢ ᠪᠤᠯ ᠤᠮᠠᠷᠠᠳᠤ ᠶᠢᠨ ᠬᠦᠪᠰᠦᠬᠦᠯ ᠠᠶᠢᠮᠠᠭ ᠬᠢᠬᠡᠳ ᠵᠡᠬᠦᠨᠳᠡᠬᠢ ᠬᠡᠨᠳᠡᠢ ᠠᠶᠢᠮᠠᠭ ᠤᠨ ᠵᠠᠷᠢᠮ ᠪᠦᠰᠡ ᠨᠤᠳᠤᠭ ᠢ ᠭᠠᠷᠭᠠᠪᠠᠯ ᠪᠤᠰᠤᠳ ᠨᠤᠳᠤᠭ ᠲᠤ ᠬᠦᠨᠳᠦ ᠨᠤᠴᠢᠳᠠᠢ ᠴᠦᠯᠵᠢᠯ ᠨᠢᠭᠤᠷᠯᠠᠬᠤ ᠪᠤᠯᠤᠨ᠎ᠠ ᠬᠡᠵᠤ ᠮᠡᠷᠬᠡᠵᠢᠯᠳᠡᠳ ᠰᠠᠨᠠᠭᠤᠯᠵᠠᠢ᠃

    ᠡᠶᠢᠨᠬᠦ ᠴᠦᠯᠵᠢᠯᠳᠡ ᠶᠢᠨ ᠡᠰᠡᠷᠬᠦ ᠦᠷ᠎ᠡ ᠳ᠋ᠦᠩ ᠲᠠᠢ ᠠᠵᠢᠯᠯᠠᠬᠤ ᠶᠢᠨ ᠳᠤᠯᠠᠳᠠ ᠮᠤᠩᠭᠤᠯ ᠤᠯᠤᠰ ᠤᠨ ᠵᠠᠰᠠᠭ ᠤᠨ ᠭᠠᠵᠠᠷ 1996 ᠤᠨ ᠳᠤ ᠪᠠᠶᠢᠭᠤᠯᠤᠭᠳᠠᠭᠰᠠᠨ《ᠨᠢᠬᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠴᠦᠯᠵᠢᠯ ᠢ ᠰᠡᠷᠬᠡᠶᠢᠯᠡᠬᠦ ᠳᠤᠬᠠᠢ ᠤᠯᠠᠨ ᠤᠯᠤᠰ ᠤᠨ ᠬᠡᠷ᠎ᠡ》 ᠲᠠᠢ ᠤᠶᠠᠯᠳᠤᠭᠤᠯᠤᠨ᠂ ᠴᠦᠯᠵᠢᠯ ᠢ ᠰᠡᠷᠬᠡᠶᠢᠯᠡᠬᠦ ᠤᠯᠤᠰ ᠤᠨ ᠬᠦᠳᠦᠯᠪᠦᠷᠢ ᠪᠤᠯᠪᠠᠰᠤᠷᠠᠭᠤᠯᠵᠤ᠂ 2030 ᠤᠨ ᠬᠡᠬᠦ ᠳᠤ ᠴᠦᠯᠵᠢᠯ ᠳᠤ ᠦᠷᠳᠦᠭᠰᠡᠨ ᠨᠤᠳᠤᠭ ᠢ 10.2% ᠢᠶᠡᠷ ᠪᠠᠭᠠᠰᠬᠠᠬᠤ ᠶᠢᠨ ᠵᠡᠷᠬᠡᠴᠡᠬᠡ ᠨᠡᠶᠢᠳᠡ ᠨᠤᠳᠤᠭ ᠤᠨ 30% ᠶᠢ ᠳᠦᠷᠦ ᠶᠢᠨ ᠵᠡᠷᠬᠡᠯᠡᠯ ᠤᠨ ᠳᠠᠷᠬᠠᠨ ᠴᠠᠭᠠᠵᠠᠳᠤ ᠪᠦᠰᠡ ᠪᠤᠯᠭᠠᠨ᠎ᠠ ᠬᠡᠵᠡᠢ᠃ ᠳᠤᠰ ᠬᠦᠷᠦᠨ ᠤ ᠴᠦᠯᠵᠢᠯ ᠤᠨ ᠡᠰᠡᠷᠬᠦ ᠦᠵᠡᠬᠦᠯᠦᠭᠰᠡᠨ ᠬᠦᠴᠦᠨ ᠵᠢᠳᠬᠦᠯ ᠨᠢ ᠳᠤᠮᠳᠠᠳᠤ ᠤᠯᠤᠰ᠂ ᠺᠤᠷᠢᠶᠠ᠂ ᠶᠠᠫᠤᠨ ᠵᠡᠷᠬᠡ ᠶᠢ ᠪᠠᠭᠳᠠᠭᠠᠭᠰᠠᠨ ᠤᠯᠠᠨ ᠤᠯᠤᠰ ᠤᠨ ᠨᠡᠶᠢᠬᠡᠮ ᠤᠨ ᠠᠩᠬᠠᠷᠤᠯ ᠳᠤ ᠬᠦᠷᠴᠤ ᠳᠡᠮᠵᠢᠯᠬᠡ ᠶᠢ ᠨᠢ ᠬᠦᠷᠳᠡᠵᠤ ᠪᠤᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121164465