ᠠᠮᠧᠷᠢᠺᠠ ᠶᠢᠨ ᠰᠦᠨᠦᠭᠡᠭ᠍ᠴᠢ ᠬᠦᠯᠭᠡ ᠤᠩᠭᠤᠴᠠ ᠹᠢᠯᠢᠫᠢᠨ ᠤ ᠪᠠᠷᠠᠭᠠᠨ ᠤ ᠬᠦᠯᠭᠡ ᠤᠩᠭᠤᠴᠠ ᠮᠦᠷᠬᠦᠯᠲᠦᠪᠡ 2017-06-19 10:39

    ᠰᠢᠨᠬᠤᠧᠠ ᠬᠤᠷᠢᠶ᠎ᠠ   ᠲᠤᠤᠺᠢᠣ᠋ ᠶᠢᠨ 6 ᠰᠠᠷ᠎ᠠ ᠶᠢᠨ 18 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠠᠩ ᠺᠧ ᠵᠢᠶᠠ ) 18 ᠤ ᠡᠲᠦᠷ᠂ ᠶᠠᠫᠤᠨ ᠤ ᠷᠠᠳᠢᠣ᠋ ᠶᠢᠨ ᠨᠡᠶᠢᠭᠡᠮᠯᠢᠭ ᠠᠮᠧᠷᠢᠺᠠ ᠶᠢᠨ ᠲᠠᠯᠠᠢ ᠶᠢᠨ ᠴᠡᠷᠢᠭ ᠤᠨ ᠢᠯᠡᠷᠬᠡᠶᠢᠯᠡᠯᠲᠡ ᠡᠴᠡ ᠡᠰᠢᠯᠡᠵᠦ ᠮᠡᠲᠡᠭᠡᠯᠡᠬᠦ ᠳ᠋ᠡᠭᠡᠨ᠂ 17 ᠤ ᠡᠲᠦᠷ ᠶᠠᠫᠤᠨ ᠤ ᠬᠠᠪᠢ ᠲᠦᠰᠦᠷ ᠤᠨ ᠲᠠᠯᠠᠢ ᠶᠢᠨ ᠤᠷᠤᠨ ᠳ᠋ᠤ ᠠᠮᠧᠷᠢᠺᠠ ᠶᠢᠨ ᠲᠠᠯᠠᠢ ᠶᠢᠨ ᠴᠡᠷᠢᠭ ᠤᠨ ᠰᠦᠨᠦᠭᠡᠭᠴᠢ ᠬᠦᠯᠭᠡ ᠤᠩᠭᠤᠴᠠ ᠹᠢᠯᠢᠫᠢᠨ ᠤ ᠪᠠᠷᠠᠭᠠᠨ ᠤ ᠬᠦᠯᠭᠡ ᠤᠩᠭᠤᠴᠠ ᠮᠦᠷᠬᠦᠯᠲᠦᠵᠦ᠂ 7 ᠴᠤᠭᠴᠠᠰ ᠢᠯᠡᠷᠡᠬᠦᠯᠪᠡ ᠭᠡᠵᠡᠢ᠃

    ᠲᠤᠬᠠᠢ ᠶᠢᠨ ᠤᠷᠤᠨ ᠤ ᠴᠠᠭ ᠢᠶᠡᠷ 17 ᠤ ᠡᠲᠦᠷ ᠤᠨ ᠦᠦᠷ ᠤᠨ 1᠄ 30 ᠴᠠᠭ ᠲᠤ ᠠᠮᠧᠷᠢᠺᠠ ᠶᠢᠨ ᠰᠦᠨᠦᠭᠡᠭ᠍ᠴᠢ ᠬᠦᠯᠭᠡ ᠤᠩᠭᠤᠴᠠ ᠹᠢᠯᠢᠫᠢᠨ ᠤ ᠪᠠᠷᠠᠭᠠᠨ ᠤ ᠬᠦᠯᠭᠡ ᠤᠩᠭᠤᠴᠠ ᠮᠦᠷᠬᠦᠯᠲᠦᠵᠦ᠂ ᠠᠮᠧᠷᠢᠺᠠ ᠶᠢᠨ ᠰᠦᠨᠦᠭᠡᠭ᠍ᠴᠢ ᠤᠩᠭᠤᠴᠠᠨ ᠳ᠋ᠡᠬᠢ 7 ᠬᠦᠮᠦᠨ ᠠᠮᠢ ᠨᠠᠰᠤ ᠪᠠᠨ ᠠᠯᠲᠠᠭᠰᠠᠨ ᠡᠴᠡ ᠭᠠᠲᠠᠨ᠎ᠠ ᠰᠦᠨᠦᠭᠡᠭ᠍ᠴᠢ ᠬᠦᠯᠭᠡ ᠤᠩᠭᠤᠴᠠᠠ ᠤ ᠲᠠᠷᠤᠭ᠎ᠠ ᠶᠢ ᠪᠠᠭᠲᠠᠭᠠᠭᠰᠠᠨ 3 ᠬᠦᠮᠦᠨ ᠰᠢᠷᠬᠠᠲᠤᠪᠠ᠃ ᠹᠢᠯᠢᠫᠢᠨ ᠤ ᠪᠠᠷᠠᠭᠠᠨ ᠤ ᠬᠦᠯᠭᠡ ᠤᠩᠭᠤᠴᠠ ᠶᠢᠨ ᠬᠦᠮᠦᠨ ᠬᠠᠷ᠎ᠠ ᠡᠨᠳᠡᠵᠦ ᠰᠢᠷᠬᠠᠲᠤᠭᠰᠠᠨ ᠮᠡᠲᠡᠬᠦᠯᠦᠯᠲᠡ ᠬᠠᠷᠠᠬᠠᠨ ᠦᠭᠡᠢ ᠪᠠᠶᠢᠭᠰᠠᠭᠠᠷ᠃ ᠤᠲᠤᠬᠠᠨ ᠳ᠋ᠤ ᠶᠠᠫᠤᠨ ᠠᠮᠧᠷᠢᠺᠠ ᠶᠢᠨ ᠬᠢᠨ ᠤᠰᠤᠯ ᠤᠨ ᠰᠢᠯᠲᠠᠭᠠᠨ ᠤ ᠲᠤᠬᠠᠢ ᠪᠠᠶᠢᠴᠠᠭᠠᠵᠤ ᠪᠠᠶᠢᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121168141