蒙古文网站Logo
ᠰᠢᠨᠬᠤᠸᠠ ᠮᠤᠩᠭ᠋ᠤᠯ ᠨᠧᠲ

ᠫᠤᠷᠲ᠋ᠦ᠋ᠭᠠᠯ ᠤᠨ ᠤᠢ ᠳ᠋ᠤ ᠲᠦᠢᠮᠠᠷ ᠭᠠᠷᠪᠠ

2017-06-19 10:48

    ᠰᠢᠨᠬᠤᠧᠠ ᠬᠤᠷᠢᠶ᠎ᠠ   ᠯᠢᠰᠪᠤᠨ ᠤ 6 ᠰᠠᠷ᠎ᠠ ᠶᠢᠨ 18 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠠᠩ ᠳ᠋ᠦᠩ ᠶᠠ᠂ ᠵᠠᠩ ᠺᠧ ) 18 ᠤ ᠡᠲᠦᠷ ᠫᠤᠷᠲ᠋ᠦ᠋ᠭᠠᠯ ᠤᠨ ᠲᠤᠲᠤᠭᠠᠲᠤ ᠶᠠᠪᠤᠲᠠᠯ ᠤᠨ ᠲᠦᠷᠦ ᠶᠢᠨ ᠨᠠᠷᠢᠨ ᠪᠢᠴᠢᠭᠡᠴᠢ ᠬᠡᠯᠡᠬᠦ ᠳ᠋ᠡᠭᠡᠨ᠂ ᠫᠤᠷᠲ᠋ᠦ᠋ᠭᠠᠯ ᠤᠨ ᠲᠤᠮᠲᠠ ᠪᠦᠰᠡ ᠳ᠋ᠤ ᠡᠭᠦᠰᠦᠭᠰᠡᠨ ᠤᠢ ᠶᠢᠨ ᠲᠦᠢᠮᠡᠷ ᠲᠤ ᠨᠢᠭᠡᠨᠲᠡ 62 ᠬᠦᠮᠦᠨ ᠠᠮᠢ ᠨᠠᠰᠤ ᠪᠠᠨ ᠠᠯᠲᠠᠵᠤ᠂ 54 ᠬᠦᠮᠦᠨ ᠰᠢᠷᠬᠠᠲᠤᠪᠠ ᠭᠡᠵᠡᠢ᠃

    ᠫᠤᠷᠲ᠋ᠦ᠋ᠭᠠᠯ ᠤᠨ ᠵᠠᠰᠠᠭ ᠤᠨ ᠭᠠᠵᠠᠷ ᠡᠴᠡ ᠤᠯᠤᠰ ᠲᠠᠶᠠᠭᠠᠷ ᠢᠶᠡᠷ ᠢᠶᠡᠨ ᠪᠠᠴᠢᠮ ᠪᠠᠶᠢᠲᠠᠯ ᠳ᠋ᠤ ᠤᠷᠤᠭᠰᠠᠨ ᠭᠡᠮᠡᠨ ᠵᠠᠷᠯᠠᠬᠤ ᠶᠢᠨ ᠬᠠᠮᠲᠤ 18 ᠤ ᠡᠲᠦᠷ ᠡᠴᠡ ᠡᠬᠢᠯᠡᠨ ᠤᠯᠤᠰ ᠲᠠᠶᠠᠭᠠᠷ ᠭᠤᠷᠪᠠᠨ ᠡᠲᠦᠷ  ᠭᠠᠰᠢᠭᠤᠲᠠᠯ ᠢᠯᠡᠷᠬᠡᠶᠢᠯᠡᠨ᠎ᠡ ᠭᠡᠵᠡᠢ᠃ ᠡᠨᠡᠬᠦ ᠤᠢ ᠶᠢᠨ ᠲᠦᠢᠮᠡᠷ ᠨᠢ ᠲᠤᠬᠠᠢ ᠶᠢᠨ ᠤᠷᠤᠨ ᠤ ᠴᠠᠭ ᠢᠶᠡᠷ 17 ᠤ ᠡᠲᠦᠷ ᠤᠨ 15 ᠴᠠᠭ ᠤᠨ ᠤᠷᠴᠢᠮ ᠢᠶᠡᠷ ᠡᠭᠦᠰᠴᠦ᠂ ᠤᠲᠤᠬᠠᠨ ᠳ᠋ᠤ ᠭᠠᠯ ᠤᠨᠲᠠᠷᠠᠭᠠᠬᠤ ᠠᠩᠬᠢ ᠶᠢᠨ ᠬᠢᠨ ᠭᠠᠮᠰᠢᠭ ᠤᠨ ᠤᠷᠤᠨ ᠢᠶᠡᠷ ᠠᠵᠢᠯᠯᠠᠵᠤ ᠪᠠᠶᠢᠨ᠎ᠠ᠃

    ᠮᠤᠲᠤ ᠶᠢ ᠠᠶᠤᠩᠭ᠎ᠠ ᠲᠠᠭᠠᠷᠢᠵᠦ ᠤᠢ ᠶᠢᠨ ᠲᠦᠢᠮᠡᠷ ᠡᠭᠦᠰᠭᠡᠭ᠍ᠰᠡᠨ ᠭᠡᠵᠦ ᠴᠠᠭᠲᠠᠭᠠᠨ ᠤ ᠬᠢᠨ ᠦᠵᠡᠵᠦ ᠪᠤᠢ᠃

    17 ᠤ ᠰᠦᠨᠢ ᠪᠡᠷ ᠫᠤᠷᠲ᠋ᠦ᠋ᠭᠠᠯ ᠤᠨ ᠶᠡᠷᠦᠩᠬᠡᠶᠢᠯᠡᠭᠴᠢ ᠭᠠᠮᠰᠢᠭ ᠤᠨ ᠲᠤᠬᠠᠢ ᠶᠢᠨ ᠭᠠᠵᠠᠷ ᠲᠤ ᠬᠦᠷᠴᠦ ᠠᠵᠢᠯᠯᠠᠨ᠂ ᠠᠮᠢ ᠨᠠᠰᠤ ᠪᠠᠨ ᠠᠯᠲᠠᠭᠰᠠᠳ ᠲᠤ ᠭᠠᠰᠢᠭᠤᠲᠠᠯ ᠢᠯᠡᠷᠬᠡᠶᠢᠯᠡᠭᠰᠡᠨ ᠤ ᠬᠠᠮᠲᠤ ᠰᠢᠷᠬᠠᠲᠤᠭᠰᠠᠳ ᠢ ᠪᠤᠯᠭᠤᠭᠠᠨ ᠲᠤᠬᠤᠨᠢᠭᠤᠯᠵᠤ ᠪᠠᠶᠢᠬᠤ ᠪᠠᠨ ᠢᠯᠡᠷᠬᠡᠶᠢᠯᠡᠪᠡ᠃ ᠫᠤᠷᠲ᠋ᠦ᠋ᠭᠠᠯ ᠤᠨ ᠶᠡᠷᠦᠩᠬᠡᠢ ᠰᠠᠶᠢᠳ ᠴᠤ ᠲᠤᠬᠠᠢ ᠶᠢᠨ ᠭᠠᠵᠠᠷ ᠲᠤ ᠬᠦᠷᠴᠦ ᠠᠵᠢᠯᠯᠠᠨ᠂ ᠡᠨᠡ ᠪᠤᠯ ᠰᠡᠬᠦᠯ ᠤᠨ ᠦᠶ᠎ᠠ ᠡᠴᠡ ᠨᠠᠭᠠᠰᠢᠬᠢ ᠫᠤᠷᠲ᠋ᠦ᠋ᠭᠠᠯ  ᠳ᠋ᠤ ᠡᠭᠦᠰᠦᠭᠰᠡᠨ ᠬᠠᠮᠤᠭ ᠤᠨ ᠨᠤᠴᠢᠲᠠᠢ ᠤᠢ ᠶᠢᠨ ᠲᠦᠢᠮᠡᠷ᠂ ᠭᠠᠯ ᠤᠨ ᠪᠠᠶᠢᠲᠠᠯ ᠢ ᠨᠠᠮᠲᠠᠭᠠᠬᠤ ᠪᠤᠯ ᠲᠤᠯᠭᠠᠮᠲᠠᠭᠤ ᠡᠭᠦᠷᠭᠡ ᠪᠤᠯᠤᠨ᠎ᠠ ᠭᠡᠵᠡᠢ᠃

( ᠵᠢᠷᠤᠭ ᠢ ᠰᠢᠨᠬᠤᠧᠠ ᠬᠤᠷᠢᠶ᠎ᠠ ᠶᠢᠨ ᠰᠤᠷᠪᠤᠯᠵᠢᠯᠠᠭᠴᠢ ᠵᠠᠩ ᠯᠢ ᠶᠦᠨ )

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121168230