蒙古文网站Logo
ᠰᠢᠨᠬᠤᠸᠠ ᠮᠤᠩᠭ᠋ᠤᠯ ᠨᠧᠲ

ᠠᠮᠧᠷᠢᠺᠠ ᠡᠴᠡ ᠤᠷᠤᠰ ᠲᠤ ᠰᠢᠨ᠎ᠡ ᠡᠭᠡᠯᠵᠢ ᠶᠢᠨ ᠵᠠᠯᠬᠠᠭᠠᠯ ᠬᠡᠷᠡᠭᠵᠢᠬᠦᠯᠬᠦ ᠪᠡᠷ ᠪᠤᠯᠪᠠ

2017-06-21 10:01

    ᠰᠢᠨᠬᠤᠧᠠ ᠬᠤᠷᠢᠶ᠎ᠠ   ᠸᠠᠰᠢᠩᠲ᠋ᠤᠨ ᠤ 6 ᠰᠠᠷ᠎ᠠ ᠶᠢᠨ 20 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠧᠤ ᠡᠯ ᠵᠢᠶᠧ ) ᠠᠮᠧᠷᠢᠺᠠ ᠶᠢᠨ ᠡᠳ᠋ ᠤᠨ ᠵᠠᠰᠠᠭ ᠤᠨ ᠶᠠᠮᠤᠨ 20 ᠤ ᠡᠲᠦᠷ ᠮᠡᠲᠡᠭᠲᠡᠬᠦ ᠳ᠋ᠡᠭᠡᠨ᠂ 38 ᠬᠤᠪᠢ ᠬᠦᠮᠦᠨ ᠪᠠ ᠬᠠᠦᠯᠢ ᠶᠢᠨ ᠡᠲᠡᠭᠡᠳ ᠲᠤ ᠵᠠᠯᠬᠠᠭᠠᠯ ᠦᠵᠡᠬᠦᠯᠵᠦ᠂ ᠦᠺᠷᠠᠶᠢᠨ ᠤ ᠠᠰᠠᠭᠤᠲᠠᠯ ᠳ᠋ᠡᠬᠢ ᠤᠷᠤᠰ ᠤᠨ ᠬᠠᠨᠲᠤᠯᠭ᠎ᠠ ᠳ᠋ᠤ ᠴᠢᠭᠯᠡᠬᠦᠯᠬᠦ ᠪᠤᠯᠤᠨ᠎ᠠ ᠭᠡᠵᠡᠢ᠃ ᠵᠠᠯᠬᠠᠭᠠᠭᠲᠠᠭᠰᠠᠨ ᠬᠦᠮᠦᠨ ᠪᠠ ᠬᠠᠦᠯᠢ ᠶᠢᠨ ᠡᠲᠡᠭᠡᠳ ᠤᠨ ᠠᠮᠧᠷᠢᠺᠠ ᠶᠢᠨ ᠬᠢᠯᠢ ᠳ᠋ᠡᠬᠢ ᠬᠦᠷᠦᠩᠭᠡ ᠶᠢ ᠴᠠᠷᠴᠠᠭᠠᠬᠤ ᠶᠢᠨ ᠬᠠᠮᠲᠤ᠂ ᠠᠮᠧᠷᠢᠺᠡᠴᠤᠳ ᠠᠷᠠᠯᠵᠢᠶ᠎ᠠ ᠬᠤᠲᠠᠯᠲᠤᠭ᠎ᠠ ᠬᠢᠬᠦ ᠡᠴᠡ ᠪᠠᠨ ᠲᠠᠲᠠᠭᠠᠯᠵᠠᠨ᠎ᠠ᠃

    ᠠᠮᠧᠷᠢᠺᠠ ᠶᠢᠨ ᠡᠳ᠋ ᠤᠨ ᠵᠠᠰᠠᠭ ᠤᠨ ᠶᠠᠮᠤᠨ ᠤ ᠰᠠᠶᠢᠳ ᠢᠯᠡᠷᠬᠡᠶᠢᠯᠡᠯᠲᠡ ᠨᠡᠶᠢᠲᠡᠯᠡᠵᠦ᠂ ᠠᠮᠧᠷᠢᠺᠠ ᠶᠢᠨ ᠵᠠᠰᠠᠭ ᠤᠨ ᠭᠠᠵᠠᠷ  ᠭᠠᠲᠠᠭᠠᠲᠤ ᠬᠠᠷᠢᠯᠴᠠᠭᠠᠨ ᠤ ᠠᠷᠭ᠎ᠠ ᠪᠠᠷᠢᠯ ᠢᠶᠡᠷ ᠦᠺᠷᠠᠶᠢᠨ ᠤ ᠡᠷᠬᠡ ᠮᠡᠲᠡᠯ ᠢ ᠬᠠᠮᠠᠭᠠᠯᠠᠵᠤ᠂ ᠰᠢᠨ᠎ᠡ ᠪᠡᠷ ᠵᠠᠯᠬᠠᠭᠠᠯ ᠨᠡᠶᠢᠲᠡᠯᠡᠵᠦ ᠤᠷᠤᠰ ᠲᠤ ᠲᠠᠷᠤᠮᠲᠠ ᠦᠵᠡᠬᠦᠯᠵᠦ ᠪᠠᠶᠢᠨ᠎ᠠ ᠭᠡᠵᠡᠢ᠃ 15 ᠤ ᠡᠲᠦᠷ ᠠᠮᠧᠷᠢᠺᠠ ᠶᠢᠨ ᠤᠯᠤᠰ ᠤᠨ ᠬᠤᠷᠠᠯ ᠤᠨ ᠲᠡᠭᠡᠳᠦ ᠵᠦᠪᠯᠡᠯᠭᠡᠨ ᠡᠴᠡ ᠢᠷᠠᠨ ᠢ ᠵᠠᠯᠬᠠᠭᠠᠬᠤ ᠲᠦᠰᠦᠯ ᠢ ᠪᠠᠲᠤᠯᠠᠬᠤ ᠶᠢᠨ ᠬᠠᠮᠲᠤ ᠤᠷᠤᠰ ᠲᠤ ᠦᠵᠡᠬᠦᠯᠬᠦ ᠵᠠᠯᠬᠠᠭᠠᠯ ᠤᠨ ᠲᠦᠰᠦᠯ ᠤᠨ ᠠᠭᠤᠯᠭ᠎ᠠ ᠶᠢ ᠵᠠᠰᠠᠪᠠ᠃

    ᠤᠷᠤᠰ ᠤᠨ ᠶᠡᠷᠦᠩᠬᠡᠶᠢᠯᠡᠭᠴᠢ ᠫᠦᠲ᠋ᠢᠨ 15 ᠤ ᠡᠲᠦᠷ ᠢᠯᠡᠷᠬᠡᠶᠢᠯᠡᠬᠦ ᠳ᠋ᠡᠭᠡᠨ᠂ ᠤᠷᠤᠰ ᠲᠤ ᠦᠵᠡᠬᠦᠯᠵᠦ ᠪᠦᠬᠦᠢ ᠠᠮᠧᠷᠢᠺᠠ ᠶᠢᠨ ᠵᠠᠯᠬᠠᠭᠠᠯ ᠪᠤᠯ 《ᠬᠤᠤᠰ ᠢᠷᠲᠦ ᠰᠠᠯᠠᠮ᠎ᠠ》ᠮᠦᠨ᠃ ᠨᠢᠭᠡᠲᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠲᠤᠭ᠎ᠠ ᠪᠦᠷᠢᠳᠭᠡᠯ ᠳ᠋ᠤ ᠦᠵᠡᠬᠦᠯᠦᠭᠰᠡᠨ ᠢᠶᠡᠷ ᠵᠠᠯᠠᠬᠠᠭᠠᠯ ᠡᠴᠡ ᠪᠤᠯᠵᠤ ᠤᠷᠤᠰ ᠤᠨ ᠤᠯᠤᠰ ᠤᠨ ᠲᠤᠲᠤᠭᠠᠲᠤ ᠶᠢᠨ ᠦᠢᠯᠡᠳᠪᠦᠷᠢᠯᠡᠯ ᠤᠨ ᠶᠡᠷᠦᠩᠬᠡᠢ ᠦᠷᠲᠡᠭ ᠵᠦᠪᠬᠡᠨ 1% ᠪᠠᠭᠤᠷᠠᠭᠰᠠᠨ ᠪᠠᠶᠢᠬᠤ ᠳ᠋ᠤ ᠠᠮᠧᠷᠢᠺᠠ ᠬᠠᠷᠢᠨ 1000 ᠳ᠋ᠦᠩᠰᠢᠭᠤᠷ ᠳ᠋ᠤᠯᠯᠠᠷ ᠤᠨ ᠬᠤᠬᠢᠷᠠᠯ ᠭᠠᠷᠤᠭᠰᠠᠨ ᠪᠠᠶᠢᠲᠠᠭ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121182675