ᠤᠮᠠᠷᠠᠲᠤ ᠠᠲ᠋ᠯᠠᠨᠲ ᠲᠠᠯᠠᠢ ᠶᠢᠨ ᠨᠡᠶᠢᠲᠡ ᠶᠢᠨ ᠭᠡᠷ᠎ᠡ ᠶᠢᠨ ᠵᠤᠬᠢᠶᠠᠨ ᠪᠠᠶᠢᠭᠤᠯᠤᠯᠲᠠ ᠶᠢᠨ ᠪᠠᠶᠢᠯᠲᠤᠭᠠᠨ ᠤ ᠨᠢᠰᠬᠦ ᠤᠩᠭᠤᠴᠠ  ᠤᠷᠤᠰ ᠤᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠠᠶᠢᠳ ᠤᠨ ᠨᠢᠰᠬᠦ ᠤᠩᠭᠤᠴᠠ ᠳ᠋ᠦ ᠬᠠᠪᠢᠳᠠᠪᠠ 2017-06-22 10:39

    ᠰᠢᠨᠬᠤᠧᠠ ᠬᠤᠷᠢᠶ᠎ᠠ   ᠮᠤᠰᠺᠧᠠ ᠶᠢᠨ 6 ᠰᠠᠷ᠎ᠠ ᠶᠢᠨ 21 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠤᠧᠠᠨ ᠬᠠᠢ ) 21 ᠤ ᠡᠲᠦᠷ᠂ ᠤᠷᠤᠰ ᠤᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠠᠶᠢᠳ ᠤᠨ ᠨᠢᠰᠬᠦ ᠤᠩᠭᠤᠴᠠ ᠪᠠᠯᠲ ᠲᠠᠩᠬᠢᠰ ᠤᠨ ᠲᠡᠭᠡᠭᠦᠷ ᠨᠢᠰᠦᠨ ᠦᠩᠭᠡᠷᠡᠬᠦ ᠦᠶ᠎ᠠ ᠪᠡᠷ ᠤᠮᠠᠷᠠᠲᠤ ᠠᠲ᠋ᠯᠠᠨᠲ ᠲᠠᠯᠠᠢ ᠶᠢᠨ ᠨᠡᠶᠢᠲᠡ ᠶᠢᠨ ᠭᠡᠷ᠎ᠡ ᠶᠢᠨ ᠵᠤᠬᠢᠶᠠᠨ ᠪᠠᠶᠢᠭᠤᠯᠤᠯᠲᠠ ᠶᠢᠨ F-16 ᠪᠠᠶᠢᠯᠲᠤᠭᠠᠨ ᠤ ᠨᠢᠰᠬᠦ ᠤᠩᠭᠤᠴᠠ ᠬᠠᠪᠢᠳᠠᠵᠦ ᠢᠷᠡᠭᠰᠡᠨ ᠳ᠋ᠦ ᠤᠷᠤᠰ ᠤᠨ ᠵᠦᠪᠯᠡᠯᠲᠦ - 27 ᠪᠠᠶᠢᠯᠲᠤᠭᠠᠨ ᠤ ᠨᠢᠰᠬᠦ ᠤᠩᠭᠤᠴᠠ ᠰᠡᠷᠡᠮᠵᠢᠯᠡᠬᠦᠯᠬᠦ ᠲᠤᠬᠢᠶ᠎ᠠ ᠦᠭ᠍ᠭᠦᠭ᠍ᠰᠡᠨ ᠢᠶᠡᠷ ᠤᠮᠠᠷᠠᠲᠤ ᠠᠲ᠋ᠯᠠᠨᠲ ᠲᠠᠯᠠᠢ ᠶᠢᠨ ᠨᠡᠶᠢᠲᠡ ᠭᠡᠷ᠎ᠡ ᠶᠢᠨ ᠵᠤᠬᠢᠶᠠᠨ ᠪᠠᠶᠢᠭᠤᠯᠤᠯᠲᠠ ᠶᠢᠨ ᠪᠠᠶᠢᠯᠲᠤᠭᠠᠨ ᠤ ᠨᠢᠰᠬᠦ ᠤᠩᠭᠤᠴᠠ ᠨᠢ ᠵᠠᠢᠢᠳᠠᠨ ᠶᠠᠪᠤᠵᠠᠢ᠃

    ᠤᠷᠤᠰ ᠤᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠠᠶᠢᠳ ᠯᠧᠨᠢᠩᠭ᠍ᠷᠠᠳ᠋ ᠲᠤ ᠤᠷᠤᠰ ᠤᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠠᠵᠢᠯ ᠤᠨ ᠬᠤᠷᠠᠯᠲᠤᠭᠠᠨ ᠢ ᠡᠷᠬᠢᠯᠡᠬᠦ ᠪᠡᠷ ᠶᠠᠪᠤᠵᠤ ᠪᠠᠶᠢᠵᠠᠢ᠃ ᠲᠡᠷᠡᠪᠡᠷ ᠭᠠᠵᠠᠷᠲᠠᠭᠰᠠᠨ ᠤ ᠲᠠᠷᠠᠭ᠎ᠠ ᠢᠯᠡᠷᠬᠡᠶᠢᠯᠡᠬᠦ ᠳ᠋ᠡᠭᠡᠨ᠂ ᠰᠡᠬᠦᠯ ᠤᠨ ᠦᠶ᠎ᠠ ᠳ᠋ᠤ ᠵᠡᠬᠦᠨ ᠡᠧᠦ᠋ᠷᠦᠫᠠ ᠶᠢᠨ ᠤᠷᠤᠨ ᠤ ᠤᠮᠠᠷᠠᠲᠤ ᠠᠲ᠋ᠯᠠᠨᠲ ᠲᠠᠯᠠᠢ ᠶᠢᠨ ᠨᠡᠶᠢᠲᠡ ᠶᠢᠨ ᠭᠡᠷ᠎ᠡ ᠶᠢᠨ ᠵᠤᠬᠢᠶᠠᠨ ᠪᠠᠶᠢᠭᠤᠯᠤᠯᠲᠠ ᠶᠢᠨ ᠴᠡᠷᠢᠭ ᠤᠨ ᠶᠠᠪᠤᠲᠠᠯ ᠤᠨ ᠠᠵᠢᠯᠯᠠᠭ᠎ᠠ ᠬᠦᠭᠵᠢᠶᠡᠨᠳᠡᠢ᠂ ᠪᠠᠯᠲ ᠲᠠᠩᠬᠢᠰ ᠤᠨ ᠡᠷᠬᠢ ᠲᠠᠭᠠᠤ ᠤᠯᠤᠰ ᠳ᠋ᠡᠬᠢ ᠠᠵᠢᠯᠯᠠᠭ᠎ᠠ ᠪᠠᠨ ᠴᠢᠩᠭᠠᠳᠬᠠᠵᠤ ᠪᠠᠶᠢᠨ᠎ᠠ᠃ ᠡᠨᠡ ᠨᠢ ᠬᠠᠮᠢᠶ᠎ᠠ ᠲᠠᠢ ᠠᠮᠤᠷ ᠲᠦᠪᠰᠢᠨ ᠤ ᠲᠤᠭᠲᠠᠯᠴᠠᠭ᠎ᠠ ᠶᠢ ᠡᠪᠲᠡᠬᠦ ᠪᠡᠷ ᠪᠠᠷᠠᠬᠤ ᠦᠭᠡᠢ ᠤᠮᠠᠷᠠᠲᠤ ᠠᠲ᠋ᠯᠠᠨᠲ ᠲᠠᠯᠠᠢ ᠶᠢᠨ ᠨᠡᠶᠢᠲᠡ ᠶᠢᠨ ᠭᠡᠷ᠎ᠡ ᠶᠢᠨ ᠵᠤᠬᠢᠶᠠᠨ ᠪᠠᠶᠢᠭᠤᠯᠤᠯᠲᠠ ᠪᠠ ᠤᠷᠤᠰ ᠤᠨ ᠢᠲᠡᠭᠡᠯᠴᠡᠭᠡ ᠶᠢ ᠮᠠᠭᠤᠲᠠᠭᠤᠯᠵᠤ᠂ ᠤᠷᠤᠰ ᠢ ᠰᠢᠬᠠᠮᠲᠠᠭᠤᠯᠤᠨ ᠬᠠᠷᠢᠭᠤ ᠠᠷᠭ᠎ᠠ ᠬᠡᠮᠵᠢᠶ᠎ᠠ ᠠᠪᠤᠭᠤᠯᠬᠤ ᠪᠤᠯᠤᠨ᠎ᠠ ᠭᠡᠵᠡᠢ᠃

    ᠤᠲᠤᠬᠠᠨ ᠳᠤ ᠲᠤᠰ ᠬᠡᠷᠡᠭ ᠤᠨ ᠲᠤᠬᠠᠢ ᠤᠷᠤᠰ ᠤᠨ ᠴᠡᠷᠢᠭ ᠤᠨ ᠬᠢᠨ ᠪᠠ ᠺᠷᠧᠮᠯᠢ ᠤᠷᠲᠤᠨ ᠲᠤᠶᠢᠮᠤᠴᠢᠯᠠᠭᠠᠲᠤᠢ᠃

    ᠤᠷᠤᠰ ᠤᠨ ᠬᠡᠪᠯᠡᠯ ᠮᠡᠲᠡᠭᠡᠯᠡᠯ ᠤᠨ ᠮᠡᠲᠡᠭᠡᠯᠡᠭᠰᠡᠨ ᠢᠶᠡᠷ᠂ ᠰᠡᠬᠦᠯ ᠤᠨ ᠦᠶ᠎ᠠ ᠳ᠋ᠤ ᠤᠷᠤᠰ ᠤᠨ ᠪᠠᠷᠠᠭᠤᠨ ᠬᠡᠰᠡᠭ ᠤᠨ ᠬᠢᠯᠢ ᠶᠢᠨ ᠤᠷᠤᠨ ᠤ ᠠᠮᠤᠷ ᠲᠦᠪᠰᠢᠨ ᠤ ᠪᠠᠶᠢᠲᠠᠯ ᠬᠡᠴᠡᠭᠦᠲᠡᠵᠦ᠂ 19 ᠤ ᠡᠲᠦᠷ ᠤᠷᠤᠰ ᠤᠨ ᠴᠡᠷᠢᠭ ᠤᠨ ᠨᠢᠰᠬᠦ ᠤᠩᠭᠤᠴᠠ ᠪᠠᠯᠲ ᠲᠠᠩᠬᠢᠰ ᠤᠨ ᠠᠭᠠᠷ ᠡᠴᠡ ᠤᠷᠤᠰ ᠤᠨ ᠬᠢᠯᠢ ᠳ᠋ᠤ ᠬᠠᠯᠲᠠᠬᠤ ᠪᠡᠷ ᠪᠠᠶᠢᠭᠰᠠᠨ ᠠᠮᠧᠷᠢᠺᠠ ᠶᠢᠨ RC -135 ᠴᠠᠭᠲᠠᠨ ᠪᠠᠶᠢᠴᠠᠭᠠᠬᠤ ᠨᠢᠰᠬᠦ ᠤᠩᠭᠤᠴᠠ ᠶᠢ ᠬᠠᠰᠢᠵᠠᠢ᠃ ᠤᠲᠤᠬᠠᠨ ᠳ᠋ᠤ᠂ ᠤᠮᠠᠷᠠᠲᠤ ᠠᠲ᠋ᠯᠠᠨᠲ ᠲᠠᠯᠠᠢ ᠶᠢᠨ ᠨᠡᠶᠢᠲᠡ ᠶᠢᠨ ᠭᠡᠷ᠎ᠡ ᠶᠢᠨ ᠵᠤᠬᠢᠶᠠᠨ ᠪᠠᠶᠢᠭᠤᠯᠤᠯᠲᠠ ᠶᠢᠨ ᠤᠯᠤᠰ ᠪᠠᠯᠲ ᠲᠠᠩᠬᠢᠰ ᠤᠨ ᠬᠡᠰᠡᠭ ᠲᠠᠯᠠᠢ ᠶᠢᠨ ᠤᠷᠤᠨ᠂ ᠠᠭᠠᠷ ᠵᠢᠴᠢ ᠲᠡᠯᠡᠢ ᠶᠢᠨ ᠡᠷᠬᠢ ᠲᠠᠭᠠᠤ ᠶᠢᠨ ᠤᠯᠤᠰ ᠪᠠ ᠫᠤᠯᠠᠨᠳ᠋ ᠬᠠᠮᠲᠤᠷᠠᠭᠰᠠᠨ ᠴᠡᠷᠢᠭ ᠤᠨ ᠰᠤᠷᠢᠯᠲᠠ ᠬᠢᠵᠦ ᠪᠠᠶᠢᠨ᠎ᠠ᠂ ᠡᠲᠡᠭᠡᠷ ᠴᠡᠷᠢᠭ ᠤᠨ ᠰᠤᠷᠢᠯᠲᠠ ᠪᠤᠯ 《ᠤᠷᠤᠰ ᠢ ᠡᠰᠡᠷᠬᠦᠴᠡᠬᠦ ᠪᠠᠨ ᠲᠠᠶᠠᠭᠲᠠᠬᠤ ᠦᠭᠡᠢ》ᠪᠠᠶᠢᠬᠤ ᠶᠢᠨ ᠢᠯᠡᠷᠡᠯ ᠪᠤᠯᠤᠨ᠎ᠠ ᠤᠷᠤᠰ ᠤᠨ ᠤᠯᠤᠰ ᠤᠨ ᠪᠠᠲᠤᠯᠠᠨ ᠬᠠᠮᠠᠭᠠᠯᠠᠯᠲᠠ  ᠶᠢᠨ ᠶᠠᠮᠤᠨ ᠦᠵᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121190486