蒙古文网站Logo
ᠰᠢᠨᠬᠤᠸᠠ ᠮᠤᠩᠭ᠋ᠤᠯ ᠨᠧᠲ

ᠮᠤᠩᠭᠤᠯ ᠤᠯᠤᠰ ᠤᠨ ᠲᠤᠮᠲᠠᠴᠢ ᠨᠠᠰᠤᠯᠠᠯᠲᠠ 70 ᠬᠦᠷᠴᠦ ᠪᠤᠢ

2017-06-22 17:19

    ᠰᠢᠨᠬᠤᠧᠠ ᠬᠤᠷᠢᠶ᠎ᠠ   ᠤᠯᠠᠭᠠᠨᠪᠠᠭᠠᠲᠤᠷ ᠤᠨ 6 ᠰᠠᠷ᠎ᠠ ᠶᠢᠨ 22 ᠤᠨ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠠᠰᠬᠠᠨ ) ᠰᠡᠬᠦᠯ ᠤᠨ ᠦᠶ᠎ᠠ ᠳ᠋ᠤ ᠮᠤᠩᠭᠤᠯ ᠤᠯᠤᠰ ᠤᠨ ᠡᠷᠡᠬᠦᠯ ᠬᠠᠮᠠᠭᠠᠯᠠᠯ ᠬᠦᠭ᠍ᠵᠢᠯᠲᠠ ᠶᠢᠨ ᠲᠦᠪ ᠡᠴᠡ ᠨᠡᠶᠢᠲᠡᠯᠡᠭᠰᠡᠨ 《ᠬᠦᠮᠦᠨ ᠠᠮᠠ ᠶᠢᠨ ᠡᠷᠡᠬᠦᠯ ᠮᠡᠨᠲᠦ ᠶᠢᠨ ᠪᠠᠶᠢᠲᠠᠯ ᠤᠨ ᠮᠡᠲᠡᠬᠦᠯᠦᠯᠲᠡ》 ᠳ᠋ᠤ᠂ 2016 ᠤᠨ ᠤ ᠡᠴᠦᠰ ᠪᠤᠯᠲᠠᠯ᠎ᠠ ᠮᠤᠩᠭᠤᠯ ᠤᠯᠤᠰ ᠤᠨ ᠨᠡᠶᠢᠲᠡ ᠬᠦᠮᠦᠨ ᠠᠮᠠ ᠪᠠᠷᠤᠭ 312 ᠲᠦᠮᠡ ᠳ᠋ᠤ ᠬᠦᠷᠴᠦ᠂ ᠲᠤᠮᠲᠠᠴᠢ ᠨᠠᠰᠤᠯᠠᠯᠲᠠ 69.57 ᠭᠡᠵᠡᠢ᠃ ᠡᠭᠦᠨ ᠳ᠋ᠤ ᠡᠮᠡᠭᠲᠡᠶᠢᠴᠤᠳ ᠤᠨ ᠲᠤᠮᠲᠠᠴᠢ ᠨᠠᠰᠤᠯᠠᠯᠲᠠ 75.10᠂ ᠡᠷᠡᠭᠲᠡᠶᠢᠴᠤᠳ ᠤᠨ ᠲᠤᠮᠲᠠᠴᠢ ᠨᠠᠰᠤᠯᠠᠯᠲᠠ 65.58᠂ ᠡᠷᠡᠭᠲᠡᠢ ᠡᠮᠡᠭᠲᠡᠢ ᠶᠢᠨ ᠲᠤᠮᠲᠠᠴᠢ ᠨᠠᠰᠤᠯᠠᠯᠲᠠ 10 ᠨᠠᠰᠤ ᠵᠦᠷᠢᠵᠦ ᠪᠠᠶᠢᠨ᠎ᠠ᠃

    ᠲᠤᠰ ᠲᠦᠪ ᠤᠨ ᠨᠠᠷᠠᠨᠲᠤᠶᠠᠭ᠎ᠠ ᠶᠢᠨ ᠲᠠᠨᠢᠯᠴᠠᠭᠤᠯᠤᠭᠰᠠᠨ ᠢᠶᠡᠷ᠂ ᠮᠤᠩᠭᠤᠯ ᠤᠯᠤᠰ ᠤᠨ 68.9 %ᠬᠦᠮᠦᠨ ᠨᠡᠶᠢᠰᠯᠡᠯ ᠤᠯᠠᠭᠠᠨᠪᠠᠭᠠᠲᠤᠷ ᠪᠠ ᠪᠤᠰᠤᠳ ᠠᠶᠢᠮᠠᠭ ᠤᠨ ᠲᠦᠪ ᠲᠤ ᠠᠮᠢᠲᠤᠷᠠᠵᠤ᠂ 31.1 % ᠬᠦᠮᠦᠨ ᠮᠠᠯᠵᠢᠬᠤ ᠤᠷᠤᠨ ᠢᠶᠡᠷ ᠠᠮᠢᠲᠤᠷᠠᠵᠤ ᠪᠠᠶᠢᠨ᠎ᠠ᠃ ᠮᠤᠩᠭᠤᠯ ᠤᠯᠤᠰ ᠤᠨ ᠡᠷᠡᠭᠲᠡᠢ ᠡᠮᠡᠭᠲᠡᠢ ᠶᠢᠨ ᠬᠠᠷᠢᠴᠠᠯ ᠦᠨᠳᠦᠰᠦᠨ ᠳ᠋ᠡᠭᠡᠨ ᠲᠡᠩᠴᠡᠬᠦᠦ ᠪᠠᠶᠢᠵᠤ᠂ ᠨᠡᠶᠢᠲᠡ ᠬᠦᠮᠦᠨ ᠠᠮᠠ ᠶᠢᠨ 50.8 % ᠨᠢ ᠡᠷᠡᠭᠲᠡᠢ᠂ 49.2 % ᠨᠢ ᠡᠮᠡᠭᠲᠡᠢ ᠪᠤᠯᠤᠨ᠎ᠠ᠃

    ᠬᠦᠮᠦᠨ ᠠᠮᠠ ᠶᠢᠨ ᠪᠦᠲᠦᠴᠡ ᠶᠢᠨ ᠬᠤᠪᠢ ᠳ᠋ᠤ ᠮᠤᠩᠭᠤᠯ ᠤᠯᠤᠰ ᠪᠤᠯ ᠵᠠᠯᠠᠭᠤᠴᠤᠳ ᠤᠯᠠᠨ ᠲᠠᠢ ᠤᠯᠤᠰ ᠪᠤᠯᠤᠨ᠎ᠠ᠃ 15 ᠨᠠᠰᠤ ᠡᠴᠡ ᠲᠤᠷᠤᠭᠰᠢᠬᠢ ᠬᠦᠮᠦᠨ ᠨᠡᠶᠢᠲᠡ ᠬᠦᠮᠦᠨ ᠠᠮᠠ ᠶᠢᠨ 30 %  ᠶᠢ ᠡᠵᠡᠯᠡᠵᠦ᠂ 15 ᠨᠠᠰᠤᠨ ᠡᠴᠡ 64 ᠨᠠᠰᠤᠨ ᠤ ᠬᠦᠮᠦᠨ ᠨᠡᠶᠢᠲᠡ ᠬᠦᠮᠦᠨ ᠠᠮᠠ ᠶᠢᠨ 66.2 %  ᠢ᠌ ᠡᠵᠡᠯᠡᠲᠡᠭ᠃ ᠮᠡᠲᠡᠬᠦᠯᠦᠯᠲᠡ ᠳ᠋ᠤ ᠪᠠᠰᠠ ᠡᠯᠲᠡᠪ ᠤᠨ ᠬᠠᠯᠲᠠᠪᠤᠷᠢᠲᠤ ᠡᠪᠡᠳᠴᠢᠨ ᠳ᠋ᠤ ᠪᠡᠯᠭᠡ ᠶᠢᠨ ᠵᠠᠮ ᠤᠨ ᠬᠠᠯᠲᠠᠪᠤᠷᠢᠲᠤ ᠡᠪᠡᠳᠴᠢᠨ 21.5 %  ᠶ᠋ᠢ ᠡᠵᠡᠯᠡᠵᠦ᠂ ᠡᠭᠦᠨ ᠳ᠋ᠤ 15 ᠨᠠᠰᠤᠨ ᠡᠴᠡ 19 ᠨᠠᠰᠤᠨ ᠤ ᠵᠠᠯᠠᠭᠤ ᠪᠠᠭᠠᠴᠤᠳ ᠲᠤ ᠬᠠᠯᠲᠠᠪᠤᠷᠢᠯᠠᠬᠤ ᠨᠤᠷᠮ᠎ᠠ ᠨᠢ 11.9 % ᠶᠢ ᠡᠵᠡᠯᠡᠵᠦ ᠪᠠᠶᠢᠲᠠᠭ᠃ ᠡᠨᠡᠬᠦ ᠠᠰᠠᠭᠤᠲᠠᠯ ᠨᠢ ᠮᠤᠩᠭᠤᠯ ᠤᠯᠤᠰ ᠤᠨ ᠡᠷᠡᠬᠦᠯ ᠬᠠᠮᠠᠭᠠᠯᠠᠯ ᠤᠨ ᠶᠠᠮᠤᠨ ᠤ ᠲᠡᠭᠡᠳᠦ ᠬᠡᠮᠵᠢᠶᠠᠨ ᠤ ᠠᠩᠬᠠᠷᠤᠯ ᠢ ᠲᠠᠲᠠᠵᠤ ᠪᠤᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121193597