蒙古文网站Logo
ᠰᠢᠨᠬᠤᠸᠠ ᠮᠤᠩᠭ᠋ᠤᠯ ᠨᠧᠲ

ᠮᠤᠩᠭ᠋ᠤᠯ ᠤᠨ ᠴᠠᠬᠢᠯᠭᠠᠨ ᠮᠡᠳᠡᠬᠡ ᠠᠭᠧᠨ᠋ᠲ᠋ᠯᠢᠭ ᠨᠢ ᠰᠢᠨᠬᠤᠸᠠ ᠮᠡᠳᠡᠬᠡᠯᠡᠯ ᠤᠨ ᠬᠤᠷᠢᠶ᠎ᠠ ᠲᠠᠢ ᠬᠠᠮᠳᠤ ᠶᠢᠨ ᠠᠵᠢᠯᠯᠠᠭ᠎ᠠ ᠪᠠᠨ ᠰᠢᠨ᠎ᠡ ᠲᠦᠪᠰᠢᠨ ᠳᠤ ᠬᠦᠷᠬᠡᠨ᠎ᠠ ᠬᠡᠪᠡ

2017-06-24 13:47

    ᠮᠤᠩᠭ᠋ᠤᠯ ᠤᠨ ᠴᠠᠬᠢᠯᠭᠠᠨ ᠮᠡᠳᠡᠬᠡ ᠠᠭᠧᠨ᠋ᠲ᠋ᠯᠢᠭ ᠤᠨ ᠲᠠᠷᠤᠭ᠎ᠠ ᠪ‍•ᠭᠠᠩᠴᠢᠮᠡᠭ 23 ᠤ ᠡᠳᠤᠷ ᠰᠢᠨᠬᠤᠸᠠ ᠮᠡᠳᠡᠬᠡᠯᠡᠯ ᠤᠨ ᠬᠤᠷᠢᠶ᠎ᠠ ᠶᠢᠨ ᠤᠯᠠᠭᠠᠨᠪᠠᠭᠠᠳᠤᠷ ᠳ᠋ᠡᠬᠢ ᠰᠠᠯᠪᠤᠷᠢ ᠶᠢᠨ ᠠᠬᠠᠯᠠᠬᠤ ᠰᠤᠷᠪᠤᠯᠵᠢᠯᠠᠭᠴᠢ ᠠᠰᠬᠠᠨ ᠢ ᠰᠢᠨ᠎ᠡ ᠪᠡᠷ ᠲᠤᠮᠢᠯᠠᠭᠳᠠᠭᠰᠠᠨ ᠲᠠᠢ ᠨᠢ ᠬᠤᠯᠪᠤᠭᠳᠠᠭᠤᠯᠤᠨ ᠬᠦᠯᠢᠶᠡᠨ ᠠᠪᠴᠤ ᠠᠭᠤᠯᠵᠠᠪᠠ᠃

    ᠲᠡᠷᠡᠪᠡᠷ᠂ ᠮᠤᠩᠭ᠋ᠤᠯ ᠤᠨ ᠴᠠᠬᠢᠯᠭᠠᠨ ᠮᠡᠳᠡᠬᠡ ᠠᠭᠧᠨ᠋ᠲ᠋ᠯᠢᠭ ᠤᠯᠠᠨ ᠵᠢᠯ ᠤᠨ ᠬᠠᠮᠳᠤ ᠶᠢᠨ ᠠᠵᠢᠯᠯᠠᠭᠠᠨ ᠤ ᠬᠠᠷᠢᠯᠴᠠᠭ᠎ᠠ ᠲᠠᠢ ᠰᠢᠨᠬᠤᠧᠠ ᠮᠡᠳᠡᠬᠡᠯᠡᠯ ᠤᠨ ᠬᠤᠷᠢᠶ᠎ᠠ ᠲᠠᠢ ᠢᠯᠡᠬᠦᠦ ᠲᠤᠳᠤᠨᠤ᠂ ᠨᠢᠬᠳᠠ ᠬᠠᠮᠳᠤᠷᠠᠨ ᠠᠵᠢᠯᠯᠠᠬᠤ ᠰᠤᠨᠢᠷᠬᠠᠯᠳᠠᠢ ᠪᠠᠶᠢᠳᠠᠭ᠃ ᠲᠡᠷᠡ ᠲᠤᠰᠤᠮ᠎ᠠ ᠪᠠᠨ ᠬᠤᠶᠠᠷ ᠠᠭᠧᠨ᠋ᠲ᠋ᠯᠢᠭ ᠲᠦᠷᠦ ᠶᠢᠨ ᠮᠡᠳᠡᠬᠡᠯᠡᠯ ᠤᠨ ᠠᠭᠧᠨ᠋ᠲ᠋ᠯᠢᠭ ᠤᠨ ᠬᠤᠪᠢ ᠳᠤ ᠢᠯᠡᠬᠦᠦ ᠨᠢᠬᠳᠠ ᠬᠠᠷᠢᠯᠴᠠᠭ᠎ᠠ ᠲᠠᠢ ᠠᠵᠢᠯᠯᠠᠬᠤ ᠪᠤᠯᠤᠮᠵᠢ ᠲᠠᠢ᠃ ᠪᠢᠳᠡ ᠵᠦᠪᠬᠡᠨ ᠲᠡᠮᠳᠡᠭᠯᠡᠯᠳᠡ ᠲᠠᠢ ᠶᠢᠨ ᠦᠶ᠎ᠡ ᠪᠡᠷ ᠯᠡ ᠦᠢᠯᠡ ᠠᠵᠢᠯᠯᠠᠭ᠎ᠠ ᠪᠠᠨ ᠶᠠᠪᠤᠭᠤᠯᠬᠤ ᠪᠡᠷ ᠵᠤᠭᠰᠤᠬᠤ ᠦᠭᠡᠢ ᠪᠠᠶᠢᠩᠭ᠋ᠤ ᠬᠠᠮᠳᠤᠷᠠᠨ ᠠᠵᠢᠯᠯᠠᠵᠤ ᠢᠷᠡᠭᠰᠡᠨ ᠤᠯᠠᠮᠵᠢᠯᠠᠯᠳᠤ ᠬᠠᠷᠢᠯᠴᠠᠭ᠎ᠠ ᠪᠠᠨ ᠰᠢᠨ᠎ᠡ ᠲᠦᠪᠰᠢᠨ ᠳᠤ ᠦᠷᠭᠡᠵᠢᠬᠦᠯᠬᠦ ᠶᠢ ᠬᠦᠰᠡᠵᠤ ᠪᠠᠶᠢᠨ᠎ᠠ ᠬᠡᠪᠡ᠃

    ᠰᠢᠨᠬᠤᠧᠠ ᠮᠡᠳᠡᠬᠡᠯᠡᠯ ᠤᠨ ᠬᠤᠷᠢᠶ᠎ᠠ ᠶᠢᠨ ᠤᠯᠠᠭᠠᠨᠪᠠᠭᠠᠳᠤᠷ ᠳ᠋ᠠᠬᠢ ᠰᠠᠯᠪᠤᠷᠢ ᠶᠢᠨ ᠠᠬᠠᠯᠠᠬᠤ ᠰᠤᠷᠪᠤᠯᠵᠢᠯᠠᠭᠴᠢ ᠠᠰᠬᠠᠨ ᠮᠣᠩᠭᠣᠯ ᠤᠨ ᠴᠠᠬᠢᠯᠭᠠᠨ ᠮᠡᠳᠡᠭᠡ ᠠᠭᠧᠨ᠋ᠲ᠋ᠯᠢᠭ ᠤᠨ ᠳᠠᠷᠤᠭ᠎ᠠ ᠲᠠᠢ ᠰᠠᠨᠠᠯ ᠨᠢᠭᠡᠲᠡᠢ ᠪᠠᠶᠢᠭ᠎ᠠ ᠪᠡᠨ ᠢᠯᠡᠷᠬᠡᠶᠢᠯᠡᠭᠡᠳ ᠴᠠᠭᠠᠰᠢᠳᠠ ᠬᠣᠶᠠᠷ ᠠᠭᠧᠨ᠋ᠲ᠋ᠯᠢᠭ ᠤᠨ ᠬᠠᠮᠲᠤ ᠶᠢᠨ ᠠᠵᠢᠯᠯᠠᠭ᠎ᠠ ᠶᠢ ᠢᠯᠡᠭᠦᠦ ᠥᠨᠳᠥᠷ ᠲᠦᠪᠰᠢᠨ ᠳᠦ ᠬᠦᠷᠭᠡᠬᠦ ᠶᠢ ᠴᠢᠬᠤᠯᠠᠴᠢᠯᠠᠵᠤ ᠠᠵᠢᠯᠯᠠᠨ᠎ᠠ ᠭᠡᠪᠡ᠃

    《ᠨᠢᠭᠡ ᠪᠥᠰᠡ ᠨᠢᠭᠡ ᠵᠠᠮ》 ᠲᠥᠰᠥᠯ ᠦᠨ ᠬᠡᠷᠡᠭᠵᠢᠬᠦᠯᠦᠯᠲᠡ ᠳᠦ ᠰᠢᠨᠬᠤᠧᠠ ᠮᠡᠳᠡᠬᠡᠯᠡᠯ ᠤᠨ ᠬᠤᠷᠢᠶ᠎ᠠ ᠬᠡᠪᠯᠡᠯ ᠮᠡᠳᠡᠭᠡᠯᠡᠯ ᠦᠨ ᠬᠤᠪᠢ ᠪᠡᠷ ᠣᠷᠣᠯᠴᠠᠵᠤ ᠪᠤᠢ ᠲᠤᠯᠠ ᠲᠤᠰ ᠲᠥᠰᠥᠯ ᠳᠦ ᠬᠠᠮᠤᠷᠴᠤ ᠪᠤᠢ ᠮᠣᠩᠭᠣᠯ ᠤᠯᠤᠰ ᠤᠨ ᠤᠯᠤᠰ ᠲᠥᠷᠥ᠂ ᠡᠳ᠋ ᠍ ᠦᠨ ᠵᠠᠰᠠᠭ᠂ ᠨᠡᠶᠢᠭᠡᠮ᠂ ᠰᠤᠶᠤᠯ ᠤᠷᠠᠯᠢᠭ ᠭᠡᠬᠦ ᠮᠡᠲᠦ ᠪᠦᠬᠦᠶᠢᠯᠡ ᠰᠠᠯᠪᠤᠷᠢ ᠶᠢᠨ ᠮᠡᠳᠡᠭᠡ ᠮᠡᠳᠡᠭᠡᠯᠡᠯ ᠢ ᠲᠦᠯᠬᠢᠭᠦᠦ ᠮᠡᠳᠡᠭᠡᠯᠡᠬᠦ ᠶᠢ ᠡᠷᠡᠮᠡᠯᠵᠡᠵᠦ ᠪᠠᠶᠢᠨ᠎ᠠ ᠭᠡᠯ᠎ᠡ᠃ ᠬᠤᠶᠠᠷ ᠲᠠᠯ᠎ᠠ ᠪᠡᠷ ᠢᠶᠡᠨ ᠴᠨᠭᠠᠰᠢᠳᠠ ᠶᠢᠨ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠬᠠᠷᠢᠯᠴᠠᠨ ᠰᠠᠨᠠᠯ ᠰᠤᠯᠢᠯᠴᠠᠪᠠ᠃ ᠤᠶᠢᠯᠠᠭᠠᠭᠰᠠᠨ ᠢᠶᠡᠷ᠂ 1958 ᠣᠨ ᠳᠤ ᠮᠣᠩᠭᠣᠯ ᠤᠨ ᠴᠠᠬᠢᠯᠭᠠᠨ ᠮᠡᠳᠡᠭᠡ ᠠᠭᠧᠨ᠋ᠲ᠋ᠯᠢᠭ ᠂ ᠰᠢᠨᠬᠤᠧᠠ ᠮᠡᠳᠡᠬᠡᠯᠡᠯ ᠤᠨ ᠬᠤᠷᠢᠶ᠎ᠠ ᠬᠠᠮᠲᠤᠷᠠᠨ ᠠᠵᠢᠯᠯᠠᠬᠤ ᠭᠡᠷ᠎ᠡ ᠳᠤ ᠭᠠᠷ ᠤᠨ ᠦᠰᠦᠭ ᠵᠢᠷᠤᠪᠠ᠃

ᠢᠷᠡᠯᠳᠡ᠄ ᠮᠤᠩᠭ᠋ᠤᠯ ᠤᠨ ᠴᠠᠬᠢᠯᠭᠠᠨ ᠮᠡᠳᠡᠬᠡ ᠠᠭᠧᠨ᠋ᠲ᠋ᠯᠢᠭ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121203264