蒙古文网站Logo
ᠰᠢᠨᠬᠤᠸᠠ ᠮᠤᠩᠭ᠋ᠤᠯ ᠨᠧᠲ

ᠺᠤᠷᠢᠶᠠ ᠰᠤᠯᠤᠩᠭᠤᠰ ᠬᠤᠯᠪᠤᠭᠠᠯᠠᠨ ᠫᠢᠶᠧᠩᠼᠠᠩ ᠤᠨ ᠤᠯᠢᠮᠫᠢᠺ ᠲᠤ ᠤᠷᠤᠯᠴᠠᠬᠤ ᠶᠢ ᠮᠦᠨ ᠽᠧ ᠶᠢᠨ ᠬᠦᠰᠡᠨ᠎ᠠ

2017-06-26 14:54

    24 ᠤ ᠡᠲᠦᠷ᠂ ᠺᠤᠷᠢᠶᠠ ᠶᠢᠨ ᠰᠠᠨᠠᠭᠠᠴᠢᠯᠠᠭᠰᠠᠨ ᠲᠡᠯᠡᠬᠡᠢ ᠶᠢᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠡᠴᠡ ᠵᠤᠬᠢᠶᠠᠨ ᠪᠠᠶᠢᠭᠤᠯᠤᠭᠰᠠᠨ ᠲᠡᠯᠡᠬᠡᠢ ᠶᠢᠨ ᠲᠧᠺᠧᠤ᠌᠌᠌᠌ᠨ᠋ᠳ᠋ᠣ᠋ ᠶᠢᠨ ᠱᠠᠩᠨᠠᠯᠲᠤ ᠲᠡᠮᠡᠴᠡᠭᠡᠨ ᠳ᠋ᠤ ᠤᠷᠤᠯᠴᠠᠬᠤ ᠪᠡᠷ ᠢᠷᠡᠭᠰᠡᠨ ᠰᠤᠯᠤᠩᠭᠤᠰ ᠤᠨ ᠰᠠᠨᠠᠭᠠᠴᠢᠯᠠᠭᠰᠠᠨ ᠤᠯᠠᠨ ᠤᠯᠤᠰ ᠤᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠶᠢᠨ ᠬᠢᠨ ᠢ ᠪᠠᠶᠠᠷᠯᠠᠨ ᠤᠭᠲᠤᠬᠤ ᠦᠶ᠎ᠠ ᠪᠡᠷ ᠺᠤᠷᠢᠶᠠ ᠶᠢᠨ ᠶᠡᠷᠦᠩᠬᠡᠶᠢᠯᠡᠭᠴᠢ ᠮᠦᠨ ᠽᠧ ᠶᠢᠨ 2018 ᠤᠨ ᠤ ᠫᠢᠶᠧᠩᠼᠠᠩ ᠤᠨ ᠤᠯᠢᠮᠫᠢᠺ ᠲᠤ ᠰᠤᠯᠤᠩᠭᠤᠰ ᠺᠤᠷᠢᠶᠠ ᠬᠤᠯᠪᠤᠭᠠᠯᠠᠨ ᠤᠷᠤᠯᠴᠠᠬᠤ ᠶᠢ ᠬᠦᠰᠡᠵᠦ ᠪᠠᠶᠢᠨ᠎ᠠ ᠭᠡᠵᠡᠢ᠃

    ᠲᠤᠬᠠᠢ ᠶᠢᠨ ᠡᠲᠦᠷ᠂ ᠰᠤᠯᠤᠩᠭᠤᠰ ᠤᠨ ᠰᠠᠨᠠᠭᠠᠴᠢᠯᠠᠭᠰᠠᠨ ᠤᠯᠠᠨ ᠤᠯᠤᠰ ᠤᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠶᠢᠨ ᠬᠢᠨ 36 ᠲᠦᠯᠦᠭᠡᠯᠡᠭᠴᠢ ᠲᠤᠮᠢᠯᠠᠨ ᠲᠤᠰ ᠲᠡᠮᠡᠴᠡᠬᠡᠨ ᠳ᠋ᠤ ᠤᠷᠤᠯᠴᠠᠭᠤᠯᠬᠤ ᠪᠡᠷ ᠪᠤᠯᠪᠠ᠃ ᠡᠲᠡᠭᠡᠷ ᠲᠦᠯᠦᠭᠡᠯᠡᠭᠴᠢ ᠡᠴᠡ 32  ᠨᠢ ᠰᠤᠯᠤᠩᠭᠤᠰ ᠬᠦᠮᠦᠨ᠃ ᠲᠧᠺᠧᠤ᠌᠌᠌᠌ᠨ᠋ᠳ᠋ᠣ᠋ ᠪᠤᠯ ᠰᠤᠯᠤᠩᠭᠤᠰ ᠬᠤᠶᠢᠭ ᠤᠨ ᠤᠯᠠᠮᠵᠢᠯᠠᠯᠲᠤ ᠪᠠᠶ᠎ᠠ ᠶᠢᠨ ᠲᠠᠮᠢᠷ ᠤᠨ ᠲᠦᠷᠦᠯ ᠪᠤᠯᠤᠨ᠎ᠠ᠂ ᠲᠡᠦᠬᠡ ᠶᠢᠨ ᠰᠢᠯᠲᠠᠭᠠᠨ ᠡᠴᠡ ᠪᠤᠯᠵᠤ ᠤᠲᠤᠬᠠᠨ ᠳ᠋ᠤ ᠲᠧᠺᠧᠤ᠌᠌᠌᠌ᠨ᠋ᠳ᠋ᠣ᠋ ᠶᠢᠨ ᠵᠤᠬᠢᠶᠠᠨ ᠪᠠᠶᠢᠭᠤᠯᠤᠯᠲᠠ ᠬᠤᠶᠠᠷ ᠪᠤᠢ᠃ ᠨᠢᠭᠡ ᠨᠢ ᠰᠤᠯᠤᠩᠭᠤᠰ ᠤᠨ ᠰᠠᠨᠠᠭᠠᠴᠢᠯᠠᠨ 1966 ᠤᠨ ᠳ᠋ᠤ ᠪᠠᠶᠢᠭᠤᠯᠤᠭᠰᠠᠨ ᠤᠯᠠᠨ ᠤᠯᠤᠰ ᠤᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ; ᠨᠦᠬᠦᠭᠡ ᠨᠢ ᠺᠤᠷᠢᠶᠠ ᠶᠢᠨ ᠰᠠᠨᠠᠭᠠᠴᠢᠯᠠᠨ 1973 ᠤᠨ ᠳ᠋ᠤ ᠪᠠᠶᠢᠭᠤᠯᠤᠭᠰᠠᠨ ᠲᠡᠯᠡᠬᠡᠢ ᠶᠢᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠪᠤᠯᠤᠨ᠎ᠠ᠃ ᠲᠧᠺᠧᠤ᠌᠌᠌᠌ᠨ᠋ᠳ᠋ᠣ᠋  ᠨᠢ 1980 ᠤᠨ ᠳ᠋ᠤ ᠲᠡᠯᠡᠬᠡᠢ ᠶᠢᠨ ᠤᠯᠢᠮᠫᠢᠺ ᠤᠨ ᠵᠦᠪᠰᠢᠶᠡᠷᠡᠯ ᠢ ᠤᠯᠵᠤ᠂ 2000 ᠤᠨ ᠤ ᠰᠢᠳ᠋ᠨᠢ ᠶᠢᠨ ᠤᠯᠢᠮᠫᠢᠺ ᠡᠴᠡ ᠡᠬᠢᠯᠡᠨ ᠵᠢᠩᠬᠢᠨᠢ ᠪᠡᠷ ᠤᠷᠤᠯᠲᠤᠭᠠᠨ ᠤ ᠲᠦᠷᠦᠯ ᠪᠤᠯᠪᠠ᠃

    ᠺᠤᠷᠢᠶᠠ ᠶᠢᠨ ᠬᠤᠯᠪᠤᠭᠠᠲᠤ ᠮᠡᠲᠡᠭᠡᠯᠡᠯ ᠤᠨ ᠬᠤᠷᠢᠶ᠎ᠠ ᠶᠢᠨ ᠮᠡᠲᠡᠭᠡᠯᠡᠭᠰᠡᠨ ᠢᠶᠡᠷ᠂ 2001 ᠤᠨ ᠡᠴᠡ ᠨᠠᠭᠠᠰᠢ ᠰᠤᠯᠤᠩᠭᠤᠰ ᠤᠨ ᠰᠠᠨᠠᠭᠠᠴᠢᠯᠠᠭᠰᠠᠨ ᠤᠯᠠᠨ ᠤᠯᠤᠰ ᠤᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠠᠩᠬ᠎ᠠ ᠤᠲᠠᠭ᠎ᠠ ᠲᠡᠯᠡᠬᠡᠢ ᠶᠢᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠡᠴᠡ ᠵᠤᠬᠢᠶᠠᠨ ᠪᠠᠶᠢᠭᠤᠯᠤᠭᠰᠠᠨ ᠲᠡᠮᠡᠴᠡᠬᠡᠨ ᠳ᠋ᠤ ᠤᠷᠤᠯᠴᠠᠬᠤ ᠪᠡᠷ ᠢᠷᠡᠵᠦ ᠪᠠᠶᠢᠭ᠎ᠠ ᠶᠤᠮ᠃ ᠮᠦᠨ ᠽᠧ ᠶᠢᠨ ᠬᠡᠯᠡᠬᠦ ᠳ᠋ᠡᠭᠡᠨ᠂ 9 ᠰᠠᠷ᠎ᠠ ᠶᠢᠨ ᠦᠶ᠎ᠠ ᠪᠡᠷ ᠤᠯᠠᠨ ᠤᠯᠤᠰ ᠤᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠫᠢᠦᠩᠶᠠᠩ ᠳ᠋ᠤ ᠵᠤᠬᠢᠶᠠᠨ ᠪᠠᠶᠢᠭᠤᠯᠬᠤ ᠪᠡᠷ ᠪᠠᠶᠢᠭ᠎᠎ᠠ ᠲᠡᠮᠡᠴᠡᠭᠡᠨ ᠳ᠋ᠤ ᠲᠡᠯᠡᠬᠡᠢ ᠶᠢᠨ ᠲᠧᠺᠧᠤ᠌᠌᠌᠌ᠨ᠋ᠳ᠋ᠣ᠋ ᠶᠢᠨ ᠨᠢᠭᠡᠲᠦᠭᠰᠡᠨ ᠬᠤᠯᠪᠤᠭ᠎ᠠ ᠡᠴᠡ ᠲᠦᠯᠦᠭᠡᠯᠡᠭᠴᠢ ᠲᠤᠮᠢᠯᠠᠨ ᠤᠷᠤᠯᠴᠠᠭᠤᠯᠬᠤ ᠪᠤᠯᠤᠨ᠎ᠠ ᠭᠡᠵᠡᠢ᠃

    ᠮᠦᠨ ᠽᠧ ᠶᠢᠨ ᠬᠡᠯᠡᠬᠦ ᠳ᠋ᠡᠭᠡᠨ᠂ 1991 ᠤᠨ ᠳ᠋ᠤ ᠺᠤᠷᠢᠶᠠ ᠰᠤᠯᠤᠩᠭᠤᠰ ᠬᠤᠯᠪᠤᠭᠠᠯᠠᠨ 《ᠰᠤᠯᠤᠩᠭᠤᠰ ᠬᠤᠶᠢᠭ ᠤᠨ ᠪᠠᠭ》 ᠤᠨ ᠬᠡᠯᠪᠡᠷᠢ ᠪᠡᠷ ᠫᠢᠩᠫᠤᠩ ᠪᠦᠮᠪᠦᠭᠡ ᠶᠢᠨ ᠲᠡᠮᠡᠴᠡᠭᠡᠨ ᠪᠠ ᠲᠡᠯᠡᠬᠡᠢ ᠶᠢᠨ ᠵᠠᠯᠠᠭᠤᠴᠤᠳ ᠤᠨ ᠬᠦᠯ ᠪᠦᠮᠪᠦᠭᠡ ᠶᠢᠨ ᠲᠡᠮᠡᠴᠡᠭᠡᠨ ᠳ᠋ᠤ ᠤᠷᠤᠯᠴᠠᠵᠤ ᠰᠢᠯᠢᠲᠡᠭ ᠪᠦᠲᠦᠮᠵᠢ ᠤᠯᠤᠭᠰᠠᠨ ᠭᠡᠵᠡᠢ᠃ ᠪᠠᠶ᠎ᠠ ᠶᠢᠨ ᠲᠠᠮᠢᠷ ᠤᠨ ᠰᠤᠯᠢᠯᠴᠠᠭ᠎ᠠ ᠨᠢ ᠺᠤᠷᠢᠶᠠ ᠰᠤᠯᠤᠩᠭᠤᠰ ᠤᠨ ᠬᠠᠷᠢᠯᠴᠠᠭᠠᠨ ᠤ ᠲᠤᠮᠲᠠ ᠴᠢᠬᠤᠯᠠ ᠲᠦᠷᠢ ᠶᠢ ᠲᠤᠭᠯᠠᠵᠤ ᠪᠠᠶᠢᠲᠠᠭ᠃ 2000 ᠤᠨ ᠤ ᠰᠢᠳ᠋ᠨᠢ ᠶᠢᠨ ᠤᠯᠢᠮᠫᠢᠺ ᠤᠨ ᠦᠶ᠎ᠠ ᠪᠡᠷ᠂ ᠺᠤᠷᠢᠶᠠ ᠰᠤᠯᠤᠩᠭᠤᠰ ᠤᠨ ᠲᠦᠯᠦᠭᠡᠯᠡᠭ᠍ᠴᠢᠳ ᠤᠨ ᠪᠠᠭ ᠨᠢ ᠡᠬᠢᠯᠡᠯᠲᠡ ᠶᠢᠨ ᠶᠤᠰᠤᠯᠠᠯ ᠪᠠ ᠬᠠᠭᠠᠯᠳᠠ ᠶᠢᠨ ᠶᠤᠰᠤᠯᠠᠯ ᠳ᠋ᠤ ᠭᠠᠷ ᠬᠤᠯᠪᠤᠨ ᠬᠠᠮᠲᠤ ᠪᠡᠷ ᠤᠷᠤᠯᠴᠠᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121211999