ᠫᠠᠺᠢᠰᠲ᠋ᠠᠨ ᠤ ᠲᠤᠰᠤ ᠰᠠᠪᠠᠯᠠᠭᠰᠠᠨ ᠲᠡᠷᠭᠡᠨ ᠡᠴᠡ ᠭᠠᠯ ᠭᠠᠷᠪᠠ 2017-06-26 16:54

    ᠰᠢᠨᠬᠤᠧᠠ ᠬᠤᠷᠢᠶ᠎ᠠ   ᠢᠰᠯᠠᠮᠠᠪᠠᠳ᠋ ᠤᠨ 6 ᠰᠠᠷ᠎ᠠ ᠶᠢᠨ 25 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠢᠢ ᠸᠧᠢ᠂ ᠵᠠᠩ ᠴᠢ ) ᠫᠠᠺᠢᠰᠲ᠋ᠠᠨ ᠤ ᠬᠡᠪᠯᠡᠯ ᠮᠡᠲᠡᠭᠡᠯᠡᠯ ᠤᠨ 25 ᠤ ᠡᠲᠦᠷ ᠮᠡᠲᠡᠭᠡᠯᠡᠭᠰᠡᠨ ᠢᠶᠡᠷ᠂ ᠲᠤᠬᠠᠢ ᠶᠢᠨ ᠡᠲᠦᠷ ᠲᠤᠰ ᠤᠯᠤᠰ ᠤᠨ ᠵᠡᠬᠦᠨ ᠬᠡᠰᠡᠭ ᠤᠨ ᠪᠦᠨᠵᠧᠪ ᠮᠤᠵᠢ ᠶᠢᠨ ᠪᠧᠬᠠᠧᠧᠯᠪᠦ᠋ᠷ ᠤᠷᠤᠨ ᠤ ᠲᠤᠰᠤ ᠰᠠᠪᠠᠯᠠᠭᠰᠠᠨ ᠲᠡᠷᠭᠡ ᠬᠦᠷᠪᠡᠭ᠍ᠰᠡᠨ ᠢᠶᠡᠷ ᠭᠠᠯ ᠭᠠᠷᠤᠭᠰᠠᠨ ᠬᠡᠷᠡᠭ ᠡᠭᠦᠰᠴᠦ 140 ᠬᠦᠮᠦᠨ ᠠᠮᠢ ᠨᠠᠰᠤ ᠪᠠᠨ ᠠᠯᠲᠠᠵᠤ 100 ᠭᠠᠷᠤᠢ ᠬᠦᠮᠦᠨ ᠰᠢᠷᠬᠠᠲᠤᠪᠠ᠃

    ᠬᠡᠷᠡᠭ ᠤᠨ ᠲᠤᠬᠠᠢ ᠶᠢᠨ ᠲᠠᠯᠠᠪᠤᠷ ᠲᠤ ᠪᠠᠶᠢᠭᠰᠠᠨ ᠬᠦᠮᠦᠰ ᠤᠨ ᠶᠠᠷᠢᠬᠤ ᠪᠡᠷ 25 ᠤ ᠦᠷᠯᠦᠭᠡ ᠶᠢᠨ 6᠄ 30 ᠴᠠᠭ ᠤᠨ ᠦᠶ᠎ᠠ ᠪᠡᠷ ᠨᠢᠭᠡ ᠲᠤᠰᠤ ᠰᠠᠪᠠᠯᠠᠭᠰᠠᠨ ᠲᠡᠷᠭᠡ ᠶᠢᠨ ᠬᠦᠷᠲᠦ ᠨᠢ ᠬᠠᠭᠠᠷᠠᠵᠤ ᠬᠦᠷᠪᠡᠭ᠍ᠰᠡᠨ ᠤ ᠲᠠᠷᠠᠭ᠎ᠠ ᠬᠠᠪᠢ ᠲᠦᠰᠦᠷ ᠤᠨ ᠢᠷᠭᠡᠳ ᠤᠨ ᠠᠩᠬᠠᠷᠤᠯ ᠢ ᠲᠠᠲᠠᠵᠤ ᠬᠦᠮᠦᠰ ᠮᠤᠲ᠋ᠤᠷ ᠤᠨᠤᠵᠤ ᠭᠤᠭᠤᠵᠢᠭᠰᠠᠨ ᠲᠤᠰᠤ ᠶᠢ ᠨᠢ ᠪᠤᠯᠢᠶᠠᠯᠲᠤᠨ ᠰᠠᠪᠠᠯᠠᠪᠠ᠂ ᠡᠭᠦᠨ ᠤ ᠲᠠᠷᠠᠭ᠎ᠠ ᠪᠡᠷ ᠭᠠᠯ ᠤᠨ ᠭᠡᠷᠡᠭ ᠭᠠᠷᠴᠤ ᠬᠦᠮᠦᠨ ᠬᠠᠷ᠎ᠠ ᠡᠨᠳᠡᠵᠦ ᠰᠢᠷᠬᠠᠲᠤᠭᠰᠠᠨ ᠭᠡᠵᠡᠢ᠃ ᠲᠤᠬᠠᠢ ᠶᠢᠨ ᠤᠷᠤᠨ ᠤ ᠴᠠᠭᠲᠠᠭᠠᠨ ᠤ ᠬᠢᠨ ᠬᠡᠯᠡᠬᠦ ᠪᠡᠷ ᠮᠦᠨ ᠭᠠᠯ ᠤᠨ ᠬᠡᠷᠡᠭ ᠡᠴᠡ ᠪᠤᠯᠵᠤ 75 ᠮᠤᠲ᠋ᠤᠷ ᠪᠠ 6 ᠲᠡᠷᠭᠡ ᠰᠦᠢᠳᠴᠠᠢ ᠭᠡᠵᠡᠢ᠃

    ᠬᠡᠷᠡᠭ ᠤᠨ ᠲᠠᠷᠠᠭ᠎ᠠ ᠲᠤᠬᠠᠢ ᠶᠢᠨ ᠤᠷᠤᠨ ᠤ ᠬᠢᠨ 3 ᠭᠠᠯ ᠤᠨᠲᠠᠷᠠᠭᠠᠬᠤ ᠲᠡᠷᠭᠡ ᠲᠤᠮᠢᠯᠠᠨ ᠠᠵᠢᠯᠯᠠᠭᠤᠯᠪᠠ᠃ ᠤᠲᠤᠬᠠᠨ ᠳ᠋ᠤ ᠭᠠᠯ ᠭᠠᠷᠤᠭᠰᠠᠨ ᠰᠢᠯᠲᠠᠭᠠᠨ ᠤ ᠲᠤᠬᠠᠢ ᠪᠠᠶᠢᠴᠠᠭᠠᠵᠤ ᠪᠠᠶᠢᠨ᠎ᠠ᠃ ᠲᠤᠬᠠᠢ ᠶᠢᠨ ᠤᠷᠤᠨ ᠤ ᠬᠡᠪᠯᠡᠯ ᠮᠡᠲᠡᠭᠡᠯᠡᠯ ᠤᠨ ᠮᠡᠲᠡᠭᠡᠯᠡᠬᠦ ᠪᠡᠷ᠂ ᠢᠷᠭᠡᠳ ᠲᠠᠮᠠᠬᠢᠨ ᠭᠠᠯ ᠢᠶᠡᠨ ᠭᠤᠭᠤᠵᠢᠭᠰᠠᠨ ᠲᠤᠰᠤᠨ ᠳ᠋ᠤ ᠤᠨᠠᠭᠠᠭᠰᠠᠨ ᠢᠶᠡᠷ ᠭᠠᠯ ᠭᠠᠷᠤᠭᠰᠠᠨ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121212628