蒙古文网站Logo
ᠰᠢᠨᠬᠤᠸᠠ ᠮᠤᠩᠭ᠋ᠤᠯ ᠨᠧᠲ

ᠠᠮᠧᠷᠢᠺᠠ ᠶᠢᠨ ᠠᠭᠠᠷ ᠰᠠᠨᠰᠠᠷ ᠤᠨ ᠲᠤᠪᠴᠢᠶ᠎ᠠ᠄ 《ᠧᠶᠢᠯᠢᠶᠠᠨ ᠢᠯᠡᠷᠡᠬᠦᠯᠦᠭᠰᠡᠨ ᠭᠡᠲᠡᠭ 》  ᠪᠤᠯ ᠴᠤᠤᠷᠬᠠᠯ ᠭᠡᠵᠡᠢ

2017-06-27 17:16

    ᠰᠢᠨᠬᠤᠧᠠ ᠬᠤᠷᠢᠶ᠎ᠠ   ᠸᠠᠰᠢᠩᠲ᠋ᠤᠨ ᠤ 6 ᠰᠠᠷ᠎ᠠ ᠶᠢᠨ 26 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠯᠢᠨ ᠰᠢᠶᠤᠤ ᠴᠦᠨ ) ᠰᠡᠬᠦᠯ ᠤᠨ ᠦᠶ᠎ᠠ ᠳ᠋ᠤ ᠤᠯᠤᠰ ᠤᠨ ᠲᠤᠲᠤᠭᠠᠲᠤ ᠭᠠᠲᠠᠭᠠᠲᠤ ᠤᠨ ᠬᠡᠪᠯᠡᠯ ᠮᠡᠲᠡᠭᠡᠯᠡᠯ ᠤᠨ ᠬᠢᠨ ᠬᠠᠺᠧᠷ ᠤᠨ ᠵᠤᠬᠢᠶᠠᠨ ᠪᠠᠶᠢᠭᠤᠯᠤᠯᠲᠠ ᠶᠢᠨ ᠨᠡᠷ᠎ᠡ ᠪᠤᠷᠤᠭᠤᠯᠠᠭᠰᠠᠨ ᠡᠲᠡᠭᠡᠳ ᠤᠨ ᠮᠡᠲᠡᠭᠡᠯᠡᠯ ᠢ ᠡᠰᠢᠯᠡᠨ᠂ ᠠᠮᠧᠷᠢᠺᠠ ᠶᠢᠨ ᠠᠭᠠᠷ ᠰᠠᠨᠰᠠᠷ ᠤᠨ ᠲᠤᠪᠴᠢᠶ᠎ᠠ ᠲᠤᠩ ᠤᠲᠠᠬᠤ ᠦᠭᠡᠢ ᠧᠶᠢᠯᠢᠶᠠᠨ ᠤ ᠪᠠᠷᠢᠮᠲᠠ ᠶᠢ ᠨᠡᠶᠢᠲᠡᠯᠡᠬᠦ ᠪᠤᠯᠤᠨ᠎ᠠ ᠭᠡᠵᠡᠢ᠃ ᠭᠡᠬᠦ ᠳ᠋ᠤ 26 ᠤ ᠡᠲᠦᠷ ᠠᠮᠧᠷᠢᠺᠠ ᠶᠢᠨ ᠠᠭᠠᠷ ᠰᠠᠨᠰᠠᠷ ᠤᠨ ᠲᠤᠪᠴᠢᠶ᠎ᠠ ᠡᠴᠡ ᠡᠨᠡᠬᠦ ᠮᠡᠲᠡᠭᠡᠯᠡᠯ ᠢ ᠨᠢᠴᠤᠭᠠᠪᠠ᠃

    ᠰᠡᠬᠦᠯ ᠤᠨ ᠦᠶ᠎ᠠ ᠳ᠋ᠤ ᠢᠨᠲ᠋ᠧᠷᠨᠧ᠋ᠲ ᠢᠶᠡᠷ ᠠᠮᠧᠷᠢᠺᠠ ᠶᠢᠨ ᠠᠭᠠᠷ ᠰᠠᠨᠰᠠᠷ ᠤᠨ ᠲᠤᠪᠴᠢᠶ᠎ᠠ ᠧᠶᠢᠯᠢᠶᠠᠨ ᠢᠯᠡᠷᠡᠬᠦᠯᠦᠭᠰᠡᠨ ᠬᠡᠮᠡᠬᠦ ᠪᠢᠴᠢᠯᠭᠡ ᠶᠡᠬᠡ ᠯᠡ ᠭᠠᠵᠠᠷ ᠠᠪᠴᠤ ᠲᠠᠷᠤᠮ ᠤᠨ ᠲᠤᠭ᠎ᠠ ᠨᠢ 100 ᠲᠦᠮᠡ ᠶᠢ ᠲᠠᠪᠠᠭᠰᠠᠨ ᠪᠦᠭᠡᠳ ᠡᠧᠦ᠋ᠷᠦᠫᠠ ᠠᠮᠧᠷᠢᠺᠠ ᠶᠢᠨ ᠬᠡᠪᠯᠡᠯ ᠮᠡᠲᠡᠭᠡᠯᠡᠯ ᠤᠨ ᠠᠩᠬᠠᠷᠤᠯ ᠢ ᠲᠠᠲᠠᠭᠰᠠᠨ ᠢᠶᠡᠷ ᠪᠠᠷᠠᠬᠤ ᠦᠭᠡᠢ ᠴᠦᠬᠡᠨ ᠬᠢᠲᠠᠳ ᠬᠡᠯᠡᠨ ᠤ ᠬᠡᠪᠯᠡᠯ ᠮᠡᠲᠡᠭᠡᠯᠡᠯ ᠤᠨ ᠬᠡᠷᠡᠭᠰᠡᠯ ᠴᠤ ᠬᠠᠮᠢᠶᠠᠲᠠᠢ ᠮᠡᠲᠡᠭᠡᠯᠡᠯ ᠢ ᠨᠢ ᠤᠷᠴᠢᠭᠤᠯᠤᠨ ᠨᠡᠶᠢᠲᠡᠯᠡᠪᠡ᠃

    ᠤᠲᠤᠨ ᠤᠷᠤᠨ ᠤ ᠰᠤᠲᠤᠯᠭᠠᠲᠠᠳ ᠤᠨ ᠦᠵᠡᠬᠦ ᠪᠡᠷ᠂ ᠭᠠᠲᠠᠭᠠᠲᠤ ᠪᠦᠮᠪᠦᠷᠴᠡᠭ ᠲᠤ ᠠᠮᠢᠲᠤ ᠪᠤᠲᠠᠰ ᠤᠷᠤᠰᠢᠵᠤ ᠪᠠᠶᠢᠬᠤ ᠳ᠋ᠤ ᠬᠦᠷᠪᠡᠯ ᠲᠡᠷᠡ ᠨᠢ ᠠᠮᠢᠲᠤᠷᠠᠨ ᠤᠷᠤᠰᠢᠬᠤ ᠳ᠋ᠤ ᠲᠤᠬᠢᠷᠠᠮᠵᠢᠲᠠᠢ ᠭᠠᠷᠠᠭ ᠤᠲᠤᠨ ᠳ᠋ᠤ ᠪᠠᠶᠢᠬᠤ ᠪᠤᠯᠤᠯᠴᠠᠭ᠎ᠠ ᠲᠠᠢ ᠭᠡᠵᠡᠢ᠃ ᠠᠮᠢᠲᠤᠷᠠᠨ ᠤᠷᠤᠰᠢᠬᠤ ᠳ᠋ᠤ ᠲᠤᠬᠢᠷᠠᠮᠵᠢᠲᠠᠢ ᠭᠠᠷᠠᠭ ᠤᠲᠤ ᠭᠡᠲᠡᠭ ᠨᠢ ᠠᠰᠢᠲᠠ ᠶᠢᠨ ᠤᠲᠤᠨ ᠡᠴᠡ ᠤᠶᠢᠷᠬᠠᠨ᠂ ᠤᠰᠤ ᠲᠠᠢ ᠭᠠᠷᠠᠭ ᠤᠲᠤ ᠪᠤᠯᠤᠨ᠎ᠠ᠃ ᠠᠮᠧᠷᠢᠺᠠ ᠶᠢᠨ ᠺᠧᠫᠯᠧᠷ ᠤᠭᠲᠠᠷᠭᠤᠢ ᠶᠢᠨ ᠲᠤᠷᠠᠨ ᠢᠶᠡᠷ ᠰᠢᠨᠵᠢᠭᠰᠡᠨ ᠨᠠᠷᠠᠨ ᠤ ᠠᠶᠢᠮᠠᠭ ᠡᠴᠡ ᠭᠠᠲᠠᠨᠠᠬᠢ 4000 ᠭᠠᠷᠤᠢ ᠠᠰᠢᠲᠠ ᠶᠢᠨ ᠤᠲᠤ ᠪᠡᠷ ᠵᠢᠱᠢᠭᠲᠡᠭ᠍ᠴᠢ ᠶᠢᠨ ᠲᠤᠲᠤᠷ᠎ᠠ 30 ᠠᠰᠢᠲᠠ ᠶᠢᠨ ᠤᠲᠤ ᠨᠢ ᠨᠢᠭᠡᠨᠲᠡ ᠠᠮᠢᠲᠤᠷᠠᠨ ᠤᠷᠤᠰᠢᠬᠤ ᠳ᠋ᠤ ᠲᠤᠬᠢᠷᠠᠮᠵᠢᠲᠠᠢ ᠪᠠᠶᠢᠬᠤ ᠪᠡᠷ ᠨᠤᠲᠠᠯᠠᠭᠲᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121221074