蒙古文网站Logo
ᠰᠢᠨᠬᠤᠸᠠ ᠮᠤᠩᠭ᠋ᠤᠯ ᠨᠧᠲ

ᠶᠠᠫᠤᠨ ᠤ ᠲᠦᠷᠦ ᠳ᠋ᠤ ᠦᠭᠡᠢ ᠲᠦᠷᠪᠠᠨ ᠨᠠᠮ ᠡᠴᠡ ᠬᠠᠮᠠᠭᠠᠯᠠᠯᠲᠠ ᠶᠢᠨ ᠲᠢᠩᠬᠢᠮ ᠤᠨ ᠰᠠᠶᠢᠳ ᠢ ᠤᠭᠴᠠᠷᠠᠭᠤᠯᠬᠤ ᠶᠢ ᠠᠪᠧ ᠰᠢᠨᠽᠣ᠋ ᠳ᠌ᠤ ᠱᠠᠭᠠᠷᠲᠠᠪᠠ

2017-06-29 10:35

    ᠶᠠᠫᠤᠨ ᠤ ᠺᠢᠤᠳᠣ᠋ ᠮᠡᠲᠡᠭᠡ ᠮᠡᠲᠡᠭᠡᠯᠡᠯ ᠤᠨ ᠬᠤᠷᠢᠶᠠᠨ ᠤ ᠮᠡᠲᠡᠭᠡᠯᠡᠭᠰᠡᠨ ᠢᠶᠡᠷ᠂ ᠶᠠᠫᠤᠨ ᠤ ᠲᠦᠷᠦ ᠳ᠋ᠤ ᠦᠭᠡᠢ ᠲᠦᠷᠪᠡᠨ ᠨᠠᠮ ᠤᠨ ᠠᠬᠠᠯᠠᠭᠴᠢ ᠡᠴᠡ ᠲᠤᠤᠺᠢᠣ᠋ ᠳ᠋ᠤ ᠬᠤᠷᠠᠯᠲᠤᠭᠰᠠᠨ ᠰᠤᠩᠭᠤᠭᠤᠯᠢ ᠳ᠋ᠤ ᠬᠠᠮᠠᠭᠠᠯᠠᠯᠲᠠ ᠶᠢᠨ ᠲᠢᠩᠬᠢᠮ ᠤᠨ ᠰᠠᠶᠢᠳ ᠢ ᠲᠤᠰᠢᠶᠠᠯ ᠡᠴᠡ ᠨᠢ ᠤᠭᠴᠠᠷᠠᠭᠤᠯᠬᠤ ᠲᠤᠬᠠᠢ ᠠᠪᠧ ᠰᠢᠨᠽᠣ᠋ ᠳ᠌ᠤ ᠱᠠᠭᠠᠷᠲᠠᠭᠰᠠᠨ ᠢᠶᠡᠨ ᠢᠯᠡᠷᠬᠡᠶᠢᠯᠡᠪᠡ᠃ ᠡᠭᠦᠨ ᠳ᠋ᠤ ᠶᠠᠫᠤᠨ ᠤ ᠲᠤᠲᠤᠭᠠᠲᠤ ᠶᠠᠪᠤᠲᠠᠯ ᠤᠨ ᠰᠠᠶᠢᠳ ᠵᠦᠪᠰᠢᠶᠡᠷᠡᠭᠰᠡᠨ ᠦᠭᠡᠢ᠂ ᠭᠡᠪᠡᠴᠦ ᠲᠦᠷᠪᠡᠨ ᠨᠠᠮ ᠤᠨ ᠲᠡᠷᠢᠬᠦᠨ ᠠᠪᠧ ᠰᠢᠨᠽᠣ᠋ ᠡᠴᠡ ᠬᠠᠷᠢᠭᠤᠴᠠᠯᠭ᠎ᠠ ᠨᠡᠬᠡᠵᠦ᠂ ᠲᠦᠪᠯᠡᠷᠡᠬᠦᠯᠦᠨ ᠬᠢᠨᠠᠬᠤ ᠶᠢᠨ ᠬᠠᠮᠲᠤ ᠤᠯᠤᠰ ᠤᠨ ᠬᠤᠷᠠᠯ ᠢ ᠲᠠᠭᠤᠲᠠᠨ ᠴᠤᠬᠯᠠᠭᠤᠯᠬᠤ ᠶᠢ ᠤᠯᠤᠰ ᠤᠨ ᠬᠤᠷᠠᠯ ᠤᠨ ᠲᠦᠰᠦᠪ ᠤᠨ ᠲᠤᠭᠠᠴᠠᠭᠠᠨ ᠤ ᠵᠦᠪᠯᠡᠯ ᠳ᠋ᠤ  ᠱᠠᠭᠠᠷᠲᠠᠪᠠ᠃ ᠲᠦᠷᠪᠡᠨ ᠨᠠᠮ ᠤᠨ ᠠᠬᠠᠯᠠᠬᠴᠢ ᠡᠨᠡ ᠮᠡᠲᠦ ᠢᠯᠡᠷᠬᠡᠶᠢᠯᠡᠯᠲᠡ ᠨᠡᠶᠢᠲᠡᠯᠡᠭᠰᠡᠨ ᠨᠢ ᠬᠤᠪᠤᠷ ᠲᠤᠬᠢᠶᠠᠯᠲᠤᠬᠤ ᠦᠵᠡᠭᠲᠡᠯ ᠂ ᠲᠠᠷᠠᠭ᠎ᠠ ᠰᠠᠷ᠎ᠠ ᠶᠢᠨ 2 ᠤᠨ ᠡᠲᠦᠷ ᠪᠤᠯᠬᠤ ᠭᠡᠵᠦ ᠪᠠᠶᠢᠭ᠎ᠠ ᠲᠤᠤᠺᠢᠣ᠋ ᠶᠢᠨ ᠰᠤᠩᠭᠤᠭᠤᠯᠢ ᠳ᠋ᠤ ᠬᠦᠴᠦᠯᠡᠴᠡ ᠪᠠᠨ ᠴᠢᠩᠭᠠᠳᠬᠠᠵᠤ ᠪᠠᠶᠢᠭ᠎ᠠ ᠶᠠᠪᠤᠲᠠᠯ ᠪᠤᠯᠤᠨ᠎ᠠ᠃ 

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121232546