蒙古文网站Logo
ᠰᠢᠨᠬᠤᠸᠠ ᠮᠤᠩᠭ᠋ᠤᠯ ᠨᠧᠲ

ᠢᠷᠠᠺ ᠤᠨ ᠴᠡᠷᠢᠭ ᠮᠦᠧᠧᠰᠦ᠋ᠯ ᠤᠨ ᠯᠠᠯᠦ ᠶᠢᠨ ᠰᠦᠮ᠎ᠡ ᠶᠢ ᠡᠭᠡᠬᠦᠯᠦᠨ ᠠᠪᠬᠤ ᠪᠡᠷ ᠪᠠᠶᠢᠨ᠎ᠠ

2017-06-30 12:43

    ᠰᠢᠨᠬᠤᠧᠠ ᠬᠤᠷᠢᠶ᠎ᠠ    ᠢᠷᠠᠺ ᠤᠨ ᠮᠦᠧᠧᠰᠦ᠋ᠯ ᠤᠨ 6 ᠰᠠᠷ᠎ᠠ ᠶᠢᠨ 29 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠸᠢ ᠢᠦᠢ ᠳ᠋ᠦᠩ᠂ ᠴᠸᠩ ᠱᠤᠸᠠᠢ ᠫᠧᠩ ) ᠢᠷᠠᠺ ᠤᠨ ᠴᠠᠭᠲᠠᠭᠠᠨ ᠤ ᠬᠢᠨ 29 ᠤ ᠡᠲᠦᠷ ᠢᠯᠡᠷᠬᠡᠶᠢᠯᠡᠬᠦ ᠳ᠋ᠡᠭᠡᠨ᠂ ᠲᠤᠬᠠᠢ ᠶᠢᠨ ᠡᠲᠦᠷ ᠤᠨ ᠦᠲᠡ ᠶᠢᠨ ᠡᠮᠦᠨ᠎ᠡ ᠢᠷᠠᠺ ᠤᠨ ᠵᠠᠰᠠᠭ ᠤᠨ ᠭᠠᠵᠠᠷ ᠤᠨ ᠴᠡᠷᠢᠭ ᠮᠦᠧᠧᠰᠦ᠋ᠯ ᠤᠨ ᠨᠢᠭᠡ ᠯᠠᠯᠦ ᠶᠢᠨ ᠰᠦᠮ᠎ᠡ ᠶᠢ ᠡᠭᠡᠬᠦᠯᠦᠨ ᠠᠪᠤᠪᠠ ᠭᠡᠵᠡᠢ᠃

    ᠮᠦᠨ ᠡᠲᠦᠷ ᠢᠷᠠᠺ ᠤᠨ ᠶᠡᠷᠦᠩᠬᠡᠶ ᠰᠠᠶᠢᠳ ᠢᠯᠡᠷᠬᠡᠶᠢᠯᠡᠯᠲᠡ ᠨᠡᠶᠢᠲᠡᠯᠡᠵᠦ ᠡᠨᠡᠬᠦ ᠯᠠᠯᠦ ᠶᠢᠨ ᠰᠦᠮ᠎ᠡ ᠶᠢ ᠡᠭᠡᠭᠦᠯᠦᠨ ᠠᠪᠤᠬᠰᠠᠨ ᠨᠢ 《 ᠢᠰᠯᠠᠮ ᠤᠨ ᠤᠯᠤᠰ》  ᠤᠨ ᠲᠡᠭᠦᠰᠭᠡᠯ ᠪᠤᠯᠬᠤ ᠶᠤᠮ᠂ ᠢᠷᠠᠺ ᠤᠨ ᠵᠠᠰᠠᠭ ᠤᠨ ᠭᠠᠵᠠᠷ ᠡᠴᠡ ᠰᠦᠷᠲᠡᠬᠦᠯᠬᠦ ᠡᠲᠡᠭᠡᠳ ᠲᠤ ᠦᠷᠬᠦᠯᠵᠢᠯᠡᠨ ᠴᠤᠬᠢᠯᠲᠠ ᠦᠭ᠍ᠬᠦ ᠪᠤᠯᠤᠨ᠎ᠠ ᠭᠡᠵᠡᠢ᠃

    ᠢᠷᠠᠺ ᠤᠨ ᠵᠠᠰᠠᠭ ᠤᠨ ᠴᠡᠷᠢᠭ ᠮᠦᠸᠸᠰᠦ᠋ᠯ ᠤᠷᠤᠭᠤ ᠦᠷᠬᠦᠯᠵᠢᠯᠡᠨ ᠲᠠᠭᠠᠷᠢᠭᠰᠠᠨ ᠢᠶᠡᠷ 6 ᠰᠠᠷ᠎ᠠ ᠶᠢᠨ 21 ᠤ ᠡᠲᠦᠷ 《ᠢᠰᠯᠠᠮ ᠤᠨ ᠤᠯᠤᠰ》 ᠤᠨ ᠦᠯᠡᠲᠡᠭᠲᠡᠯ ᠬᠦᠴᠦᠨ ᠯᠠᠯᠦ ᠶᠢᠨ ᠰᠦᠮ᠎ᠡ ᠵᠢᠴᠢ ᠬᠠᠪᠢ ᠲᠦᠰᠦᠷ ᠤᠨ ᠨᠡᠷᠡᠲᠦ ᠦᠵᠡᠮᠵᠢ ᠶᠢ ᠲᠡᠯᠪᠡᠴᠢᠵᠡᠢ᠃

    

    

    

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121240905