蒙古文网站Logo
ᠰᠢᠨᠬᠤᠸᠠ ᠮᠤᠩᠭ᠋ᠤᠯ ᠨᠧᠲ

ᠪᠠᠳᠤᠳᠤᠯᠭ᠎ᠠ ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠬᠤᠶᠠᠳᠠᠬᠢ ᠡᠬᠡᠯᠵᠢ ᠶᠢᠨ ᠰᠠᠨᠠᠯ ᠬᠤᠷᠢᠶᠠᠯᠳᠠ ᠳᠤ ᠢᠯᠠᠪᠠ

2017-07-09 11:23

    ᠰᠢᠨᠬᠤᠸᠠ ᠬᠤᠷᠢᠶ᠎ᠠ  ᠤᠯᠠᠭᠠᠨᠪᠠᠭᠠᠳᠤᠷ ᠤᠨ 7 ᠰᠠᠷ᠎ᠠ ᠶᠢᠨ 8 ᠤ ᠡᠳᠤᠷ ᠤᠨ ᠴᠠᠬᠢᠯᠭᠠᠨ ᠮᠡᠳᠡᠬᠡ ( ᠰᠤᠷᠪᠤᠯᠵᠢᠯᠠᠭᠴᠢ ᠠᠰᠬᠠᠨ)  ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠬᠤᠷᠢᠶᠠᠨ ᠡᠴᠡ 8 ᠤ ᠡᠳᠤᠷ ᠰᠠᠨᠠᠯ ᠬᠤᠷᠢᠶᠠᠯᠳᠠ ᠶᠢᠨ ᠡᠴᠦᠰ ᠤᠨ ᠳ᠋ᠦᠩ ᠢ ᠵᠠᠷᠯᠠᠪᠠ᠃ ᠠᠷᠠᠳᠴᠢᠯᠠᠭᠰᠠᠨ ᠨᠠᠮ ᠡᠴᠡ ᠨᠡᠷ᠎ᠡ ᠲᠡᠪᠰᠢᠭᠴᠢ ᠪᠠᠳᠤᠳᠤᠯᠭ᠎ᠠ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠬᠤᠶᠠᠳᠠᠬᠢ ᠡᠬᠡᠯᠵᠢ ᠶᠢᠨ ᠰᠠᠨᠠᠯ ᠬᠤᠷᠢᠶᠠᠯᠳᠠ ᠳᠤ ᠢᠯᠡᠷᠬᠡᠢ ᠲᠠᠪᠠᠭᠤ ᠪᠠᠶᠢᠷᠢᠨ ᠳᠤ ᠲᠤᠳᠤᠷᠠᠭᠰᠠᠨ ᠢᠶᠡᠷ ᠢᠯᠠᠪᠠ᠃

    ᠪᠦᠷᠢᠳᠬᠡᠯ ᠲᠤᠭ᠎ᠠ ᠶᠢ ᠦᠨᠳᠦᠰᠦᠯᠡᠪᠡᠯ᠂ 7 ᠰᠠᠷ᠎ᠠ ᠶᠢᠨ 7 ᠤ ᠡᠳᠤᠷ ᠤᠨ ᠬᠤᠶᠠᠳᠠᠬᠢ ᠡᠬᠡᠯᠵᠢ ᠶᠢᠨ ᠰᠠᠨᠠᠯ ᠬᠤᠷᠢᠶᠠᠯᠳᠠ ᠳᠤ᠂ ᠪᠠᠳᠤᠳᠤᠯᠭ᠎ᠠ 61.1 ᠲᠦᠮᠡᠨ ᠰᠠᠨᠠᠯ ᠤᠯᠵᠤ᠂ ᠲᠡᠬᠦᠨ ᠤ ᠦᠷᠢᠰᠦᠯᠳᠤᠭ᠍ᠴᠢ ᠮᠤᠩᠭ᠋ᠤᠯ ᠠᠷᠠᠳ ᠤᠨ ᠨᠠᠮ ᠤᠨ ᠨᠡᠷ᠎ᠡ ᠲᠡᠪᠰᠢᠭᠴᠢ ᠡᠩᠬᠡᠪᠤᠯᠤᠳ 49.7 ᠲᠦᠮᠡᠨ ᠰᠠᠨᠠᠯ ᠤᠯᠵᠠᠢ᠃ ᠲᠤᠬᠠᠢ ᠶᠢᠨ ᠡᠳᠤᠷ ᠤᠨ ᠰᠤᠩᠭ᠋ᠤᠭᠴᠢ ᠶᠢᠨ ᠰᠠᠨᠠᠯ ᠦᠭ᠍ᠬᠦᠭ᠍ᠰᠡᠨ ᠨᠤᠷᠮ᠎ᠠ ᠨᠢ 60.41% ᠂ ᠬᠠᠤᠯᠢ ᠳᠤ ᠲᠤᠭᠳᠠᠭᠰᠠᠨ ᠲᠤᠭ᠎ᠠ ᠪᠠᠷᠢᠮᠳᠠ ᠲᠠᠢ ᠨᠡᠶᠢᠴᠡᠵᠡᠢ᠃

    8 ᠤ ᠦᠷᠯᠦᠬᠡ᠂ ᠪᠠᠳᠤᠳᠤᠯᠭ᠎ᠠ ᠬᠡᠪᠯᠡᠯ ᠮᠡᠳᠡᠬᠡᠯᠡᠯ ᠤᠨ ᠬᠤᠷᠠᠯ ᠬᠢᠵᠤ᠂ ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠳᠤ ᠢᠯᠠᠪᠠ ᠬᠡᠵᠤ ᠵᠠᠷᠯᠠᠪᠠ᠂ ᠮᠦᠨ ᠲᠡᠮᠵᠢᠭᠰᠡᠳ ᠲᠤ ᠪᠠᠨ ᠲᠠᠯᠠᠷᠬᠠᠯ ᠲᠡᠪᠰᠢᠬᠦᠯᠪᠡ᠃ ᠲᠡᠷᠡᠪᠡᠷ᠂ ᠶᠡᠷᠦᠩᠬᠡᠶᠢᠯᠡᠭᠴᠢ ᠶᠢᠨ ᠰᠤᠩᠭ᠋ᠤᠭᠤᠯᠢ ᠠᠷᠠᠳᠴᠢᠯᠠᠭᠰᠠᠨ ᠨᠠᠮ ᠤᠨ ᠢᠯᠠᠯᠳᠠ ᠪᠡᠷ ᠲᠡᠬᠦᠰᠪᠡ᠂ ᠦᠯᠡᠳᠡᠬᠡᠳ ᠪᠠᠶᠢᠬᠤ ᠨᠢ ᠡᠯ᠎ᠡ ᠲᠦᠷᠦᠯ ᠤᠨ ᠠᠵᠢᠯ ᠳᠤ ᠪᠠᠨ ᠱᠠᠯᠠᠪᠬᠠᠨ ᠤᠷᠤᠨ᠎ᠠ᠃ ᠪᠠᠳᠤᠳᠤᠯᠭ᠎ᠠ ᠰᠤᠩᠭ᠋ᠤᠭᠤᠯᠢ ᠳᠤ ᠦᠷᠢᠰᠦᠯᠳᠦᠬᠦ ᠬᠦᠳᠦᠯᠪᠦᠷᠢ ᠳᠤ ᠪᠠᠨ ᠤᠯᠤᠰ ᠤᠨ ᠡᠳ᠋ ᠤᠨ ᠵᠠᠰᠠᠭ ᠢ ᠰᠡᠷᠬᠦᠬᠡᠵᠤ《 ᠮᠤᠩᠭ᠋ᠤᠯ ᠤᠯᠤᠰ ᠢᠯᠠᠨ᠎ᠠ》 ᠬᠡᠬᠦ ᠤᠷᠢᠶ᠎ᠠ ᠪᠡᠷ ᠰᠤᠩᠭ᠋ᠤᠭᠴᠢ ᠲᠠᠢ ᠰᠡᠳᠬᠢᠯ ᠨᠡᠶᠢᠯᠡᠵᠡᠢ᠃ ᠤᠶᠢᠯᠠᠭᠠᠭᠰᠠᠨ ᠢᠶᠡᠷ᠂ ᠤᠯᠠᠩᠬᠢ ᠵᠠᠯᠠᠭᠤ ᠰᠤᠩᠭ᠋ᠤᠭᠴᠢᠳ ᠪᠤᠯᠤᠨ ᠤᠯᠤᠰ ᠢᠶᠡᠨ ᠬᠦᠴᠦᠷᠭᠡᠭ᠍ᠵᠢᠬᠦᠯᠬᠦ ᠶᠢ ᠬᠦᠰᠡᠵᠤ ᠪᠦᠬᠦᠢ ᠰᠤᠩᠭ᠋ᠤᠭᠴᠢᠳ ᠰᠠᠨᠠᠯ ᠢᠶᠡᠨ ᠪᠠᠳᠤᠳᠤᠯᠭ᠎ᠠ ᠳᠤ ᠦᠭ᠍ᠪᠡ᠃

    ᠡᠩᠬᠡᠪᠤᠯᠤᠳ ᠴᠤ 8 ᠤ ᠡᠳᠤᠷ ᠪᠦᠬᠦ ᠢᠷᠭᠡᠳ ᠲᠤ ᠬᠠᠨᠳᠤᠨ ᠦᠪᠡᠷ ᠢᠶᠡᠨ ᠪᠤᠯᠤᠨ ᠮᠤᠩᠭ᠋ᠤᠯ ᠠᠷᠠᠳ ᠤᠨ ᠨᠠᠮ ᠢᠷᠭᠡᠳ ᠤᠨ ᠰᠤᠩᠭ᠋ᠤᠯᠳᠠ ᠶᠢ ᠬᠦᠨᠳᠤᠳᠬᠡᠵᠤ᠂ ᠰᠤᠩᠭ᠋ᠤᠭᠤᠯᠢ ᠳᠤ ᠢᠯᠠᠭᠳᠠᠭᠰᠠᠨ ᠢᠶᠡᠨ ᠮᠡᠳᠡᠷᠡᠨ᠎ᠠ ᠬᠡᠵᠡᠢ᠃

    ᠮᠤᠩᠭ᠋ᠤᠯ ᠤᠯᠤᠰ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠠᠩᠬᠠᠨ ᠤ ᠡᠭᠡᠯᠵᠢ ᠶᠢᠨ ᠰᠠᠨᠠᠯ ᠬᠤᠷᠢᠶᠠᠯᠳᠠ 6 ᠰᠠᠷ᠎ᠠ ᠶᠢᠨ 26  ᠤ ᠡᠳᠤᠷ ᠶᠠᠪᠤᠭᠳᠠᠵᠠᠢ᠃ ᠠᠩᠬᠠᠨ ᠤ ᠡᠬᠡᠯᠵᠢ ᠶᠢᠨ ᠰᠠᠨᠠᠯ ᠬᠤᠷᠢᠶᠠᠯᠳᠠ ᠳᠤ ᠨᠡᠷ᠎ᠡ ᠲᠡᠪᠰᠢᠭᠴᠢ ᠶᠢᠨ ᠰᠠᠨᠠᠯ ᠤᠯᠤᠭᠰᠠᠨ ᠨᠤᠷᠮ᠎ᠠ ᠨᠢ 50% ᠶᠢ ᠲᠠᠪᠠᠭᠰᠠᠨ ᠦᠭᠡᠢ ᠪᠤᠯᠬᠤᠷ ᠰᠠᠨᠠᠯ ᠬᠤᠷᠢᠶᠠᠯᠳᠠ ᠶᠢᠨ ᠲᠤᠭ᠎ᠠ ᠪᠡᠷ ᠡᠮᠦᠨ᠎ᠡ ᠬᠤᠶᠠᠷ ᠪᠠᠶᠢᠷᠢᠨ ᠳᠤ ᠲᠤᠳᠤᠷᠠᠭᠰᠠᠨ ᠪᠠᠳᠤᠳᠤᠯᠭ᠎ᠠ ᠪᠤᠯᠤᠨ ᠡᠩᠬᠡᠪᠤᠯᠤᠳ ᠬᠤᠶᠠᠳᠠᠬᠢ ᠡᠬᠡᠯᠵᠢ ᠶᠢᠨ ᠰᠠᠨᠠᠯ ᠬᠤᠷᠢᠶᠠᠯᠳᠠ ᠳᠤ ᠤᠷᠤᠪᠠ᠃

    ᠮᠣᠩ᠋ᠭᠤᠯ ᠤᠯᠤᠰ ᠪᠤᠯ ᠫᠠᠷᠯᠠᠮᠧᠨ᠋ᠲ ᠤᠨ ᠵᠠᠰᠠᠭᠯᠠᠯᠳᠤ ᠤᠯᠤᠰ᠂ ᠶᠡᠷᠦᠩᠬᠡᠶᠢᠯᠡᠭᠴᠢ ᠨᠢ ᠲᠦᠷᠦ ᠶᠢᠨ ᠳᠡᠷᠢᠬᠦᠨ ᠪᠤᠯᠬᠤ ᠮᠦᠷᠲᠡᠬᠡᠨ ᠵᠡᠪᠰᠡᠭᠲᠤ ᠬᠦᠴᠦᠨ ᠤ ᠶᠡᠷᠦᠩᠬᠡᠢ ᠺᠤᠮᠠᠨᠳᠠᠯᠠᠬᠴᠢ ᠪᠤᠯᠬᠤ ᠶᠤᠮ᠃ ᠶᠡᠷᠦᠩᠬᠡᠶᠢᠯᠡᠭᠴᠢ ᠵᠢᠨ ᠳᠤᠰᠢᠶᠠᠯ ᠳᠤ ᠪᠠᠶᠢᠬᠤ ᠬᠤᠭᠤᠴᠠᠭ᠎ᠠ ᠨᠢ 4 ᠵᠢᠯ᠂ ᠠᠬᠢᠵᠤ ᠨᠢᠬᠡ ᠤᠳᠠᠭ᠎ᠠ ᠤᠯᠠᠷᠢᠵᠤ ᠰᠤᠩᠭ᠋ᠤᠭᠳᠠᠵᠤ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121288895