《ᠢᠰᠯᠠᠮ ᠤᠨ ᠤᠯᠤᠰ》 ᠤᠨ ᠲᠤᠯᠤᠭᠠᠶᠢᠯᠠᠭᠴᠢ ᠦᠬᠦᠭᠰᠡᠨ ᠭᠡᠵᠦ ᠢᠷᠠᠺ ᠤᠨ ᠬᠡᠪᠯᠡᠯ ᠮᠡᠲᠡᠭᠡᠯᠡᠯ ᠤᠨ ᠬᠢᠨ ᠮᠡᠲᠡᠭᠡᠯᠡᠪᠡ 2017-07-12 11:15

    ᠰᠢᠨᠬᠤᠧᠠ ᠬᠤᠷᠢᠶ᠎ᠠ   ᠪᠠᠭᠳᠠᠳ᠋ ᠤᠨ 7 ᠰᠠᠷ᠎᠎ᠠ ᠶᠢᠨ 11 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠸᠧᠢ ᠢᠦᠢ ᠳ᠋ᠦᠩ ) ᠢᠷᠠᠺ ᠤᠨ ᠬᠡᠪᠯᠡᠯ ᠮᠡᠲᠡᠭᠡᠯᠡᠯ ᠤᠨ 11 ᠤ ᠡᠲᠦᠷ ᠮᠡᠲᠡᠭᠡᠯᠡᠭᠰᠡᠨ ᠢᠶᠡᠷ᠂ 《ᠢᠰᠯᠠᠮ ᠤᠨ ᠤᠯᠤᠰ》ᠲᠡᠭᠦᠨ ᠤ ᠲᠤᠯᠤᠭᠠᠶᠢᠯᠠᠭᠴᠢ ᠪᠠᠭᠾᠳᠠᠳᠢ ᠶᠢ ᠦᠬᠦᠭᠰᠡᠨ ᠭᠡᠵᠦ ᠤᠨᠴᠠᠯᠠᠨ᠂ ᠲᠤᠰ ᠵᠤᠬᠢᠶᠠᠨ ᠪᠠᠶᠢᠭᠤᠯᠤᠯᠲᠠ ᠨᠢ ᠲᠤᠩ ᠤᠲᠠᠬᠤ ᠦᠭᠡᠢ ᠰᠢᠨ᠎ᠡ ᠲᠤᠯᠤᠭᠠᠶᠢᠯᠠᠭᠴᠢ ᠪᠠᠨ ᠰᠤᠩᠭᠤᠨ ᠭᠠᠷᠭᠠᠬᠤ ᠪᠡᠷ ᠪᠠᠶᠢᠨ᠎ᠠ ᠭᠡᠵᠡᠢ᠃

    ᠮᠦᠨ ᠮᠡᠲᠡᠭᠡᠯᠡᠭᠰᠡᠨ ᠢᠶᠡᠷ᠂ 《ᠢᠰᠯᠠᠮ ᠤᠨ ᠤᠯᠤᠰ》ᠲᠦᠬᠦᠮ ᠠᠪᠰᠠᠷᠬᠠᠨ ᠲᠤᠲᠤᠷᠬᠠᠶᠢᠯᠠᠭᠰᠠᠨ ᠡᠴᠡ ᠪᠢᠰᠢ ᠪᠠᠭᠾᠲᠠᠳᠢ ᠶᠢᠨ ᠬᠡᠷᠬᠢᠨ ᠦᠬᠦᠭᠰᠡᠨ ᠲᠤᠬᠠᠢ ᠨᠠᠷᠢᠨ ᠶᠠᠷᠢᠭᠰᠠᠨ ᠦᠭᠡᠢ ᠭᠡᠵᠡᠢ᠃ ᠦᠩᠭᠡᠷᠡᠭᠰᠡᠨ ᠰᠠᠷ᠎ᠠ ᠳ᠋ᠤ ᠤᠷᠤᠰ ᠤᠨ ᠬᠡᠪᠯᠡᠯ ᠮᠡᠲᠡᠭᠡᠯᠡᠯ ᠤᠨ ᠬᠢᠨ ᠮᠡᠲᠡᠭᠡᠯᠡᠭᠰᠡᠨ ᠢᠶᠡᠷ᠂ ᠪᠠᠭᠾᠳᠠᠳᠢ ᠤᠷᠤᠰ ᠡᠴᠡ ᠰᠢᠷᠢᠶ᠎ᠠ ᠳ᠋ᠤ ᠶᠠᠪᠤᠭᠤᠯᠤᠭᠰᠠᠨ ᠠᠭᠠᠷ ᠤᠨ ᠲᠠᠭᠠᠷᠢᠯᠲᠠ ᠳ᠋ᠦ ᠦᠬᠦᠭᠰᠡᠨ ᠪᠠᠶᠢᠵᠤ ᠮᠡᠲᠡᠨ᠎ᠡ ᠭᠡᠵᠡᠢ᠃

    ᠡᠨᠡᠬᠦ ᠬᠡᠯᠡᠯᠭᠡ  ᠶᠢ ᠠᠮᠧᠷᠢᠺᠠ ᠪᠠ ᠢᠷᠠᠺ ᠤᠨ ᠲᠠᠯ᠎ᠠ ᠶᠢᠨ ᠬᠢᠨ ᠨᠤᠲᠠᠯᠠᠭᠠᠳᠤᠢ᠃ ᠲᠤᠰ ᠰᠠᠷ᠎ᠠ ᠶᠢᠨ 10 ᠤ ᠡᠲᠦᠷ᠂ 《ᠢᠰᠯᠠᠮ ᠤᠨ ᠤᠯᠤᠰ》 ᠤᠨ ᠵᠠᠬᠢᠷᠤᠯ ᠲᠤᠤᠷ᠎ᠠ ᠪᠠᠶᠢᠭᠰᠠᠨ ᠢᠷᠠᠺ ᠤᠨ ᠮᠤᠰᠦ᠋ᠯ ᠬᠤᠲᠠ ᠴᠢᠯᠦᠭᠡᠯᠡᠭᠲᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121306114