蒙古文网站Logo
ᠰᠢᠨᠬᠤᠸᠠ ᠮᠤᠩᠭ᠋ᠤᠯ ᠨᠧᠲ

ᠪᠷᠠᠽᠢᠯ ᠤᠨ ᠤᠤᠯ ᠤᠨ ᠶᠡᠷᠦᠩᠬᠡᠶᠢᠯᠡᠭᠴᠢ ᠯᠦᠯᠠ 9 ᠵᠢᠯ ᠤᠨ ᠭᠠᠲᠠᠨ᠎ᠠ 6 ᠰᠠᠷ᠎ᠠ ᠬᠤᠷᠢᠭᠲᠠᠬᠤ ᠶᠠᠯ᠎ᠠ ᠤᠨᠤᠭᠲᠠᠪᠠ

2017-07-13 10:39

    ᠰᠢᠨᠬᠤᠧᠠ ᠬᠤᠷᠢᠶ᠎ᠠ   ᠪᠷᠠᠽᠢᠯᠢᠶ᠎ᠠ ᠶᠢᠨ 7 ᠰᠠᠷ᠎ᠠ ᠶᠢᠨ 12 ᠤᠨ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠠᠩ ᠴᠢ ᠴᠠᠩ᠂ ᠸᠠᠩ ᠵᠧᠩ ᠷᠦᠨ ) 12 ᠤᠨ ᠡᠲᠦᠷ ᠪᠷᠠᠽᠢᠯ ᠤᠨ ᠬᠤᠯᠪᠤᠭᠠᠨ ᠤ ᠰᠢᠬᠦᠬᠦ ᠶᠢᠨ ᠭᠠᠵᠠᠷ ᠡᠴᠡ ᠤᠤᠯ ᠤᠨ ᠶᠡᠷᠦᠩᠬᠡᠶᠢᠯᠡᠭᠴᠢ ᠯᠦᠯᠠ ᠶᠢ ᠠᠪᠯᠢᠭᠠᠯ ᠠᠪᠤᠭᠰᠠᠨ ᠪᠠ ᠵᠤᠭᠤᠰ ᠤᠬᠢᠶᠠᠭᠰᠠᠨ ᠢᠶᠡᠷ ᠠᠩᠬᠠᠨ ᠤ ᠰᠢᠬᠦᠯᠲᠡ ᠳ᠋ᠤ 9 ᠵᠢᠯ ᠤᠨ ᠭᠠᠲᠠᠨ᠎ᠠ 6 ᠰᠠᠷ᠎ᠠ ᠬᠤᠷᠢᠬᠤ ᠪᠡᠷ ᠶᠠᠯ᠎ᠠ ᠤᠨᠤᠭᠠᠪᠠ᠃

    ᠪᠷᠠᠽᠢᠯ ᠤᠨ 《 ᠪᠦᠮᠪᠦᠷᠴᠡᠭ ᠰᠤᠨᠢᠨ 》 ᠤ ᠮᠡᠲᠡᠭᠡᠯᠡᠭᠰᠡᠨ ᠢᠶᠡᠷ᠂ ᠯᠦᠯᠡ ᠳ᠋ᠤ ᠤᠲᠤᠬᠠᠨ ᠡᠷᠡᠬᠦᠦ ᠰᠢᠢᠳᠭᠡᠯ ᠶᠠᠪᠤᠭᠤᠯᠬᠤ ᠦᠭᠡᠢ᠂ ᠲᠡᠭᠦᠨ ᠳ᠋ᠤ ᠲᠠᠬᠢᠨ ᠵᠠᠭᠠᠯᠲᠤᠬᠤ ᠡᠷᠬᠡ ᠲᠡᠢ ᠭᠡᠵᠡᠢ᠃

    ᠯᠦᠯᠡ ᠪᠷᠠᠽᠢᠯ ᠤᠨ ᠨᠢᠭᠡ ᠪᠠᠷᠢᠯᠭ᠎ᠠ ᠶᠢᠨ ᠺᠤᠮᠫᠠᠨᠢ ᠲᠠᠢ ᠨᠢᠬᠲᠠ ᠬᠠᠷᠢᠴᠠᠭ᠎ᠠ ᠲᠠᠢ᠃ ᠰᠡᠬᠦᠯ ᠤᠨ ᠦᠶ᠎ᠠ ᠳ᠋ᠤ ᠲᠤᠰ ᠺᠤᠮᠫᠠᠨᠢ ᠨᠢ ᠵᠠᠰᠠᠭ ᠤᠨ ᠭᠠᠵᠠᠷ ᠤᠨ ᠠᠯᠪᠠᠨ ᠲᠤᠰᠢᠶᠠᠯᠲᠠᠨ  ᠪᠠ ᠪᠷᠠᠽᠢᠯ ᠤᠨ ᠴᠢᠯᠠᠭᠤᠨ ᠲᠤᠰᠤᠨ ᠤ ᠺᠤᠮᠫᠠᠨᠢ ᠶᠢᠨ ᠠᠯᠪᠠᠨ ᠲᠤᠰᠢᠶᠠᠯᠲᠠᠨ ᠳ᠋ᠤ ᠬᠡᠬᠡᠯᠢ ᠲᠦᠯᠬᠢᠵᠦ᠂ ᠦᠯᠡᠮᠵᠢ ᠲᠤᠭᠠᠨ ᠤ ᠪᠠᠷᠢᠯᠭ᠎ᠠ ᠶᠢᠨ ᠭᠡᠷ᠎ᠡ ᠤᠯᠪᠠ᠃ ᠲᠤᠰ ᠺᠤᠮᠫᠠᠨᠢ ᠶᠢᠨ ᠰᠠᠨ ᠮᠠᠷᠲ᠋ᠢᠨ ᠵᠧᠦ ᠳ᠋ᠡᠬᠢ ᠰᠠᠭᠤᠴᠠ ᠨᠢ ᠯᠦᠯᠡ ᠶᠢᠨ ᠬᠢ ᠭᠡᠵᠦ ᠰᠡᠵᠢᠭᠯᠡᠭᠲᠡᠵᠦ ᠪᠠᠶᠢᠨ᠎ᠠ᠃

    ᠡᠭᠦᠨ ᠡᠴᠡ ᠭᠠᠲᠠᠨ᠎ᠠ ᠯᠦᠯᠡ ᠶᠡᠷᠦᠩᠬᠡᠶᠢᠯᠡᠭᠴᠢ ᠶᠢᠨ ᠲᠤᠰᠢᠶᠠᠯ ᠳ᠋ᠤ ᠪᠠᠶᠢᠬᠤ ᠬᠤᠭᠤᠴᠠᠭᠠᠨ ᠳ᠋ᠠᠭᠠᠨ ᠠᠯᠪᠠᠨ ᠲᠤᠰᠢᠶᠠᠯ ᠢᠶᠡᠨ ᠠᠰᠢᠭᠯᠠᠨ ᠪᠷᠠᠽᠢᠯ ᠤᠨ ᠴᠢᠯᠠᠭᠤᠨ ᠲᠤᠰᠤᠨ ᠤ ᠺᠤᠮᠫᠠᠨᠢ ᠳ᠋ᠤ ᠲᠤᠰᠢᠶᠠᠯ ᠬᠠᠩᠭ᠋ᠠᠨ ᠦᠭ᠍ᠬᠦ᠂ ᠪᠠᠷᠢᠯᠭ᠎ᠠ ᠶᠢᠨ ᠺᠤᠮᠫᠠᠨᠢ ᠳ᠋ᠤ ᠲᠦᠰᠦᠯ ᠬᠠᠩᠭ᠋ᠠᠭᠰᠠᠨ ᠭᠡᠵᠦ ᠪᠠᠶᠢᠴᠠᠭᠠᠬᠤ ᠭᠠᠵᠠᠷ ᠤᠨ ᠬᠢᠨ ᠵᠠᠭᠠᠯᠲᠤᠪᠠ᠃᠋᠋

    ᠯᠦᠯᠠ 2003 ᠤᠨ ᠤ 1 ᠰᠠᠷ᠋ ᠠ ᠳ᠋ᠤ ᠶᠡᠷᠦᠩᠬᠡᠶᠢᠯᠡᠭᠴᠢ ᠶᠢᠨ ᠲᠤᠰᠢᠶᠠᠯ ᠢ ᠬᠠᠷᠢᠭᠤᠴᠠᠵᠤ᠂ 2007 ᠤᠨ ᠤ 1 ᠰᠠᠷ᠎ᠠ ᠳ᠋ᠤ ᠲᠠᠬᠢᠨ ᠡᠭᠡᠯᠵᠢᠯᠡᠵᠦ᠂ 2011 ᠤᠨ ᠤ 1 ᠰᠠᠷ᠎ᠠ ᠳ᠋ᠤ ᠲᠤᠰᠢᠶᠠᠯ ᠡᠴᠡ ᠪᠠᠨ ᠪᠠᠭᠤᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121312701