ᠨᠢᠭᠤᠴᠠ ᠠᠵᠢᠯᠯᠠᠭ᠎ᠠ ᠳ᠋ᠤ ᠬᠤᠯᠪᠤᠭᠲᠠᠭᠰᠠᠨ ᠭᠡᠵᠦ ᠢᠷᠠᠨ ᠤ ᠰᠢᠬᠦᠬᠦ ᠶᠢᠨ ᠭᠠᠵᠠᠷ ᠡᠴᠡ ᠠᠮᠧᠷᠢᠺᠠ ᠶᠢᠨ ᠨᠢᠭᠡᠨ ᠢᠷᠭᠡᠨ ᠢ 10 ᠵᠢᠯ ᠬᠤᠷᠢᠬᠤ ᠪᠡᠷ ᠪᠤᠯᠪᠠ 2017-07-17 11:54

    ᠰᠢᠨᠬᠤᠧᠠ ᠬᠤᠷᠢᠶ᠎ᠠ   ᠲᠧᠾᠷᠠᠨ ᠤ 7 ᠰᠠᠷ᠎ᠠ ᠶᠢᠨ 16 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠮᠠ ᠰᠢᠶᠤᠤ᠂ ᠮᠦ ᠳ᠋ᠦᠩ ) ᠢᠷᠠᠨ ᠤ ᠬᠠᠦᠯᠢ ᠶᠢᠨ ᠰᠠᠯᠠᠭ᠎ᠠ ᠮᠦᠴᠢᠷ ᠤᠨ ᠦᠬᠦᠯᠡᠭᠴᠢ 16 ᠤ ᠡᠲᠦᠷ ᠬᠡᠯᠡᠬᠦ ᠳ᠋ᠡᠭᠡᠨ᠂ ᠠᠮᠧᠷᠢᠺᠠ ᠶᠢᠨ ᠢᠷᠭᠡᠨ ᠨᠢᠭᠤᠴᠠ ᠠᠵᠢᠯᠯᠠᠭ᠎ᠠ ᠳ᠋ᠤ ᠬᠤᠯᠪᠤᠭᠲᠠᠭᠰᠠᠨ ᠢᠶᠡᠷ ᠢᠷᠠᠨ ᠤ ᠰᠢᠬᠦᠬᠦ ᠶᠢᠨ ᠭᠠᠵᠠᠷ ᠡᠴᠡ 10 ᠵᠢᠯ ᠬᠤᠷᠢᠬᠤ ᠪᠡᠷ ᠪᠤᠯᠪᠠ ᠭᠡᠵᠡᠢ᠃ ᠲᠡᠷᠡᠪᠡᠷ ᠡᠨᠡ ᠬᠦᠮᠦᠨ ᠠᠮᠧᠷᠢᠺᠠ ᠶᠢᠨ ᠰᠢᠭᠤᠳ ᠵᠢᠯᠤᠭᠤᠲᠤᠯᠭ᠎ᠠ ᠶᠢᠨ ᠲᠠᠭᠠᠤ ᠨᠢᠭᠤᠴᠠ ᠠᠵᠢᠯᠯᠠᠭ᠎ᠠ ᠶᠠᠪᠤᠭᠲᠠᠭᠤᠯᠵᠤ ᠴᠢᠮᠡᠭᠡ ᠲᠠᠩᠨᠠᠭᠰᠠᠨ ᠢᠶᠡᠷ 10 ᠵᠢᠯ ᠬᠤᠷᠢᠬᠤ ᠪᠡᠷ ᠪᠤᠯᠤᠭᠰᠠᠨ ᠶᠤᠮ᠂ ᠵᠠᠭᠠᠯᠲᠤᠬᠤ ᠡᠷᠬᠡ ᠲᠠᠢ ᠭᠡᠵᠡᠢ᠃ ᠵᠦᠪᠬᠡᠨ ᠠᠮᠧᠷᠢᠺᠠ ᠶᠢᠨ ᠢᠷᠭᠡᠨ ᠭᠡᠵᠦ ᠲᠤᠷᠠᠲᠤᠭᠰᠠᠨ ᠡᠴᠡ ᠪᠢᠰᠢ ᠨᠠᠷ᠎ᠠ ᠪᠠ ᠪᠤᠲᠠᠲᠠᠢ ᠰᠢᠬᠦᠨ ᠲᠠᠰᠤᠯᠤᠭᠰᠠᠨ ᠴᠠᠭ ᠢᠶᠡᠨ ᠲᠤᠲᠤᠷᠬᠠᠶᠢᠯᠠᠭᠰᠠᠨ ᠦᠭᠡᠢ᠃

    ᠡᠨᠡ ᠲᠤᠬᠠᠢ ᠠᠮᠧᠷᠢᠺᠠ ᠶᠢᠨ ᠬᠢᠨ ᠢᠷᠠᠨ ᠢ ᠤᠯᠤᠰ ᠤᠨ ᠠᠮᠤᠷ ᠲᠦᠪᠰᠢᠨ ᠤ ᠨᠡᠷ᠎ᠡ ᠪᠡᠷ ᠠᠮᠧᠷᠢᠺᠠ ᠵᠢᠴᠢ ᠪᠤᠰᠤᠳ ᠤᠯᠤᠰ ᠤᠷᠤᠨ ᠤ ᠢᠷᠭᠡᠨ ᠢ ᠰᠢᠬᠦᠬᠦ ᠪᠡᠷ ᠬᠤᠷᠢᠵᠤ ᠪᠠᠶᠢᠬᠤ ᠪᠠᠨ ᠲᠠᠷᠤᠢ ᠲᠦᠷᠭᠡᠨ ᠵᠤᠭᠰᠤᠬᠤ ᠶᠢ ᠱᠠᠭᠠᠷᠲᠠᠨ᠂ ᠢᠷᠠᠨ ᠲᠤᠷᠠᠪᠠᠷ ᠬᠦᠳᠭᠡᠵᠦ ᠪᠠᠶᠢᠨ᠎ᠠ ᠭᠡᠵᠡᠢ᠃

    ᠨᠢᠲᠤᠨᠤᠨ ᠡᠴᠡ ᠨᠠᠭᠠᠰᠢ᠂ ᠠᠮᠧᠷᠢᠺᠠ᠂ ᠠᠩᠭ᠍ᠯᠢ᠂ ᠺᠠᠨᠠᠳᠠ᠂ ᠠᠦ᠋ᠰᠲ᠋ᠷᠢᠶ᠎ᠠ᠂ ᠹᠷᠠᠨᠼᠢ ᠶᠢᠨ ᠤᠯᠠᠨ ᠢᠷᠭᠡᠨ ᠨᠢᠭᠤᠴᠠ ᠠᠵᠢᠯᠯᠠᠭ᠎ᠠ ᠳ᠋ᠤ ᠬᠤᠯᠪᠤᠭᠲᠠᠭᠰᠠᠨ ᠪᠤᠶᠤ ᠲᠠᠶᠢᠰᠤᠨ ᠤᠯᠤᠰ ᠤᠨ ᠵᠠᠰᠠᠭ ᠤᠨ ᠭᠠᠵᠠᠷ ᠲᠠᠢ ᠬᠠᠮᠵᠢᠯᠴᠠᠭᠰᠠᠨ  ᠢᠶᠡᠷ ᠪᠡᠷᠢᠪᠴᠢᠯᠠᠭᠲᠠᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121330870