蒙古文网站Logo
ᠰᠢᠨᠬᠤᠸᠠ ᠮᠤᠩᠭ᠋ᠤᠯ ᠨᠧᠲ

ᠢᠷᠠᠺ ᠤᠨ ᠴᠠᠷᠢᠭ᠌᠌ ᠤᠨ ᠬᠢᠨ 47 ᠰᠦᠷᠲᠡᠬᠦᠯᠦᠭᠴᠢ ᠡᠲᠡᠭᠡᠳ ᠢ ᠲᠡᠯᠪᠡᠴᠢᠪᠡ

2017-07-18 12:06

    ᠰᠢᠨᠬᠤᠧᠠ ᠬᠤᠷᠢᠶ᠎ᠠ   ᠪᠠᠭᠳᠠᠳ᠋ ᠤᠨ 7 ᠰᠠᠷ᠎᠎ᠠ ᠶᠢᠨ 17 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠴᠧᠩ ᠱᠤᠧᠠᠢ ᠫᠸᠩ ) 17 ᠤ ᠡᠲᠦᠷ᠂ ᠢᠷᠠᠺ ᠤᠨ ᠵᠠᠰᠠᠭ ᠤᠨ ᠭᠠᠵᠠᠷ ᠤᠨ ᠴᠡᠷᠢᠭ ᠢᠷᠠᠺ ᠤᠨ ᠪᠠᠷᠠᠭᠤᠨ ᠬᠤᠶᠢᠲᠤ ᠬᠡᠰᠡᠭ ᠤᠨ ᠨᠢᠭᠡ ᠬᠤᠲᠠ ᠳ᠋ᠤ ᠠᠭᠠᠷ ᠤᠨ ᠲᠠᠭᠠᠷᠢᠯᠲᠠ ᠶᠠᠪᠤᠭᠤᠯᠵᠤ᠂ ᠲᠠᠪᠠᠷᠠᠮᠠᠲᠠᠭᠠᠢ ᠪᠦᠯᠦᠭᠲᠡᠨ ᠤ ᠵᠤᠬᠢᠶᠠᠨ ᠪᠠᠶᠢᠭᠤᠯᠤᠯᠲᠠ 《 ᠢᠰᠯᠠᠮ ᠤᠨ ᠤᠯᠤᠰ》 ᠤᠨ 47 ᠰᠦᠷᠲᠡᠬᠦᠯᠦᠭᠴᠢ ᠡᠲᠡᠭᠡᠳ ᠢ ᠲᠡᠯᠪᠡᠴᠢᠨ ᠠᠯᠠᠪᠠ᠃

    ᠢᠷᠠᠺ ᠤᠨ ᠴᠡᠷᠢᠭ ᠤᠨ ᠬᠢᠨ ᠤ ᠶᠠᠷᠢᠬᠤ ᠪᠡᠷ ᠮᠤᠰᠦ᠋ᠯ ᠢ ᠡᠭᠡᠬᠦᠯᠦᠨ ᠠᠪᠬᠤ ᠲᠠᠶᠢᠨ ᠳ᠋ᠤ ᠤᠷᠤᠯᠴᠠᠭᠰᠠᠨ ᠬᠡᠰᠡᠭ ᠴᠡᠷᠢᠭ ᠠᠩᠬᠢ ᠵᠠᠷᠯᠢᠭ ᠤᠨ ᠲᠠᠭᠠᠤ ᠪᠠᠷᠠᠭᠤᠨᠰᠢ ᠰᠢᠯᠵᠢᠨ ᠤᠶᠢᠷ᠎ᠠ ᠶᠢᠨ ᠬᠤᠭᠤᠴᠠᠭᠠᠨ ᠳ᠋ᠤ ᠪᠤᠯᠬᠤ ᠲᠠᠶᠢᠯᠧᠷ ᠠᠹᠢᠷ ᠢ ᠡᠭᠡᠬᠦᠯᠦᠨ ᠠᠪᠬᠤ ᠲᠠᠶᠢᠨ ᠳ᠋ᠤ ᠤᠷᠤᠯᠴᠠᠬᠤ ᠪᠤᠯᠤᠨ᠎ᠠ᠃

    ᠢᠷᠠᠺ ᠤᠨ ᠲᠠᠶᠢᠯᠧᠷ ᠠᠹᠢᠷ ᠪᠤᠯ ᠮᠤᠰᠦ᠋ᠯ ᠡᠴᠡ ᠪᠠᠷᠠᠭᠤᠰᠢ 70 ᠺᠢᠯᠤᠮᠧᠲ᠋ᠷ ᠤᠨ ᠵᠠᠢ ᠲᠠᠢ᠂ ᠢᠷᠠᠺ ᠰᠢᠷᠢᠶ᠎ᠠ ᠶᠢᠨ ᠬᠢᠯᠢ ᠶᠢᠨ ᠠᠭᠤᠯᠵᠠᠷ ᠲᠤ ᠪᠠᠶᠢᠷᠢᠯᠠᠵᠤ᠂ 《ᠢᠰᠯᠠᠮ ᠤᠨ ᠤᠯᠤᠰ》 ᠤᠨ ᠨᠢᠨᠢᠧ ᠮᠤᠵᠢ ᠳ᠋ᠡᠬᠢ ᠬᠠᠮᠤᠭ ᠤᠨ ᠡᠴᠦᠰ ᠤᠨ ᠰᠠᠭᠤᠷᠢᠨ ᠪᠤᠯᠤᠨ᠎ᠠ᠂ ᠤᠲᠤᠬᠠᠨ ᠳ᠋ᠤ ᠢᠷᠠᠺ ᠤᠨ ᠵᠠᠰᠠᠭ ᠤᠨ ᠭᠠᠵᠠᠷ ᠤᠨ ᠴᠡᠷᠢᠭ ᠲᠠᠶᠢᠯᠧᠷ ᠠᠹᠢᠷ ᠢ ᠪᠦᠰᠡᠯᠡᠪᠡ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121338059