蒙古文网站Logo
ᠰᠢᠨᠬᠤᠸᠠ ᠮᠤᠩᠭ᠋ᠤᠯ ᠨᠧᠲ

ᠿᠠᠮ • ᠨᠠᠼ • ᠺᠤᠸᠨᠳ᠋ ᠡᠨᠡᠳᠭᠡᠭ᠌ ᠤᠨ ᠶᠡᠷᠦᠩᠬᠡᠶᠢᠯᠡᠭᠴᠢ ᠪᠡᠷ ᠰᠤᠩᠭ᠋ᠤᠭᠲᠠᠪᠠ

2017-07-21 11:45

    ᠰᠢᠨᠬᠤᠧᠠ ᠬᠤᠷᠢᠶ᠎ᠠ   ᠰᠢᠨ᠎᠎ᠡ ᠳ᠋ᠧᠯᠢ ᠶᠢᠨ 7 ᠰᠠᠷ᠎ᠠ ᠶᠢᠨ 20 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠪᠠᠢ ᠴᠦᠨ ) 20 ᠤ ᠡᠲᠦᠷ ᠡᠨᠡᠳᠭᠡᠭ᠌ ᠤᠨ ᠰᠤᠩᠭ᠋ᠤᠭᠤᠯᠢ ᠶᠢᠨ ᠵᠦᠪᠯᠡᠯ ᠡᠴᠡ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠳ᠋ᠦᠩ ᠢ ᠵᠠᠷᠯᠠᠵᠤ᠂2930 ᠰᠤᠩᠭ᠋ᠤᠭᠤᠯᠢ ᠶᠢᠨ ᠤᠨᠤᠭ᠎ᠠ ᠪᠡᠷᠪᠦᠬᠦ ᠤᠯᠤᠰ ᠤᠨ ᠠᠷᠠᠳᠴᠢᠯᠠᠭᠰᠠᠨ ᠬᠤᠯᠪᠤᠭᠠᠨ ᠡᠴᠡ ᠨᠡᠷ᠎ᠡ ᠲᠡᠪᠰᠢᠭᠴᠢ ᠿᠠᠮ• ᠨᠠᠼ • ᠺᠤᠸᠨᠳ᠋ ᠡᠨᠡᠳᠭᠡᠭ᠌ ᠤᠨ ᠶᠡᠷᠦᠩᠬᠡᠶᠢᠯᠡᠭᠴᠢ ᠪᠡᠷ ᠰᠤᠩᠭ᠋ᠤᠭᠲᠠᠪᠠ ᠭᠡᠵᠡᠢ᠃

    ᠰᠤᠩᠭ᠋ᠤᠭᠤᠯᠢ ᠳ᠋ᠦ ᠢᠯᠠᠯᠳᠠ ᠪᠠᠢᠢᠭᠤᠯᠤᠬᠰᠠᠨ ᠤ ᠲᠠᠷᠠᠭ᠎ᠠ  ᠲᠡᠷᠡᠪᠡᠷ ᠬᠡᠪᠯᠡᠯ ᠮᠡᠲᠡᠭᠡᠯᠡᠯ ᠤᠨ ᠬᠢᠨ ᠳ᠋ᠤ ᠄《 ᠦᠨᠦᠲᠦᠷ ᠪᠤᠯ ᠰᠡᠳᠬᠢᠯ ᠲᠤᠭᠲᠤᠯᠤᠭᠤᠯᠤᠮ᠎ᠠ ᠴᠠᠭ ᠮᠦᠴᠡ ᠪᠤᠯᠤᠨ᠎ᠠ᠃ ᠦᠪᠡᠷ ᠢ ᠪᠠᠨ ᠶᠡᠷᠦᠩᠬᠡᠶᠢᠯᠡᠭᠴᠢ ᠪᠡᠷ ᠰᠤᠩᠭ᠋ᠤᠭᠲᠠᠨ᠎ᠠ ᠭᠡᠵᠦ ᠶᠠᠭ ᠴᠤ ᠪᠤᠲᠤᠵᠤ ᠪᠠᠶᠢᠭᠰᠠᠨ ᠦᠭᠡᠢ᠂ ᠲᠦᠷᠦ ᠤᠯᠤᠰ ᠡᠴᠡ ᠨᠠᠲᠠ ᠳ᠋ᠤ ᠡᠨᠡᠬᠦ ᠪᠠᠶᠢᠷᠢ ᠰᠠᠭᠤᠷᠢ ᠶᠢ ᠤᠯᠭᠤᠭᠰᠠᠨ ᠪᠤᠯᠬᠤᠷ ᠦᠨᠡᠨᠴᠢ ᠰᠡᠳᠬᠢᠯ ᠢᠶᠡᠷ ᠲᠦᠷᠦ ᠤᠯᠤᠰ ᠲᠠᠭᠠᠨ ᠦᠢᠯᠡᠴᠢᠯᠡᠨ᠎ᠡ 》ᠭᠡᠵᠡᠢ᠃ ᠤᠶᠢᠯᠠᠭᠠᠭᠰᠠᠨ ᠢᠶᠡᠷ᠂ ᠿᠠᠮ• ᠨᠠᠼ • ᠺᠤᠸᠨᠳ᠋ ᠪᠤᠯ ᠡᠨᠡᠳᠭᠡᠭ᠌ ᠤᠨ ᠲᠤᠤᠷᠠᠲᠤ ᠲᠠᠪᠬᠤᠷᠭᠠᠲᠠᠨ ᠡᠴᠡ ᠰᠤᠩᠭ᠋ᠤᠭᠲᠠᠭᠰᠠᠨ ᠶᠡᠷᠦᠩᠬᠡᠶᠢᠯᠡᠭᠴᠢ ᠪᠤᠯᠤᠨ᠎ᠠ᠃

    ᠿᠠᠮ• ᠨᠠᠼ • ᠺᠤᠸᠨᠳ᠋ ᠡᠨᠡ ᠵᠢᠯ 71 ᠨᠠᠰᠤᠲᠠᠢ᠂ ᠡᠨᠡᠳᠭᠡᠭ᠌ ᠤᠨ ᠠᠷᠠᠳ ᠤᠨ ᠨᠠᠮ ᠤᠨ ᠬᠠᠰᠢᠷ ᠲᠤᠷᠰᠢᠯᠭ᠎ᠠ ᠲᠠᠢ ᠭᠡᠰᠢᠬᠦᠨ ᠪᠤᠯᠤᠨ᠎ᠠ᠃ ᠶᠡᠬᠡ ᠰᠤᠷᠭᠠᠭᠤᠯᠢ ᠪᠠᠨ ᠲᠡᠭᠦᠰᠦᠭᠰᠡᠨ ᠤ ᠲᠠᠷᠠᠭ᠎ᠠ ᠳ᠋ᠧᠯᠢ ᠶᠢᠨ ᠲᠡᠭᠡᠳᠦ ᠵᠡᠷᠭᠡ ᠶᠢᠨ ᠰᠢᠬᠦᠬᠦ ᠶᠢᠨ ᠭᠠᠵᠠᠷ ᠪᠠ ᠬᠠᠮᠤᠭ ᠤᠨ ᠲᠡᠭᠡᠳᠦ ᠰᠢᠬᠦᠬᠦ ᠶᠢᠨ ᠭᠠᠵᠠᠷ 15 ᠵᠢᠯ ᠭᠠᠷᠤᠢ ᠠᠵᠢᠯᠯᠠᠪᠠ᠃ 1994 ᠤᠨ ᠡᠴᠡ 2006 ᠤᠨ ᠤ ᠬᠤᠭᠤᠷᠤᠨᠲᠤ ᠬᠤᠯᠪᠤᠭᠠᠨ ᠤ ᠤᠯᠤᠰ ᠤᠨ ᠬᠤᠷᠠᠯ ᠤᠨ ᠲᠡᠭᠡᠳᠦ ᠵᠦᠪᠯᠯᠡᠭᠡᠨ ᠤ ᠬᠤᠷᠠᠯ ᠤᠨ ᠭᠡᠰᠢᠬᠦᠨ ᠢᠶᠡᠷ ᠠᠵᠢᠯᠯᠠᠪᠠ᠃ 2015 ᠤᠨ ᠳ᠋ᠤ ᠪᠢᠬᠠᠷ ᠮᠤᠵᠢ ᠶᠢᠨ ᠲᠠᠷᠤᠭ᠎ᠠ ᠪᠡᠷ ᠠᠵᠢᠯᠯᠠᠪᠠ᠃

    ᠡᠨᠡᠳᠭᠡᠭ᠌ ᠤᠨ ᠶᠡᠷᠦᠩᠬᠡᠶᠢᠯᠡᠭᠴᠢ ᠶᠢᠨ ᠰᠤᠩᠭ᠋ᠤᠭᠤᠯᠢ ᠶᠢᠨ ᠰᠠᠨᠠᠯ ᠠᠰᠠᠭᠤᠯᠭ᠎ᠠ ᠡᠨᠡ ᠰᠠᠷ᠎ᠠ ᠶᠢᠨ 17 ᠤ ᠡᠲᠦᠷ ᠡᠴᠡ ᠡᠬᠢᠯᠡᠨ ᠶᠠᠪᠤᠭᠲᠠᠵᠠᠢ᠃ ᠡᠨᠡᠳᠭᠡᠭ᠌ ᠤᠨ ᠦᠨᠳᠦᠰᠦᠨ ᠬᠠᠦᠯᠢ ᠶᠢ ᠦᠨᠳᠦᠰᠦᠯᠡᠪᠡᠯ ᠶᠡᠷᠦᠩᠬᠡᠶᠢᠯᠡᠭᠴᠢ ᠶᠢᠨ ᠰᠤᠩᠭ᠋ᠤᠭᠤᠯᠢ ᠨᠢ ᠲᠠᠪᠤᠨ ᠵᠢᠯ ᠳ᠋ᠤ ᠨᠢᠭᠡ ᠤᠲᠠᠭ᠎ᠠ ᠶᠠᠪᠤᠭᠲᠠᠵᠤ᠂ ᠬᠤᠯᠪᠤᠭᠠᠨ ᠤ ᠤᠯᠤᠰ ᠤᠨ ᠬᠤᠷᠠᠯ ᠤᠨ ᠭᠡᠰᠢᠬᠦᠨ ᠪᠠ ᠡᠯ᠎ᠡ ᠮᠤᠵᠢ ᠶᠢᠨ ᠵᠦᠪᠯᠯᠡᠭᠡᠨ ᠤ ᠬᠤᠷᠠᠯ ᠤᠨ ᠭᠡᠰᠢᠬᠦᠨ ᠬᠠᠮᠲᠤᠷᠠᠨ ᠰᠤᠩᠭ᠋ᠤᠭᠤᠯᠢ ᠶᠢᠨ ᠪᠠᠭ ᠪᠤᠯᠵᠤ ᠤᠨᠤᠭ᠎ᠠ ᠦᠭᠲᠡᠭ᠃ ᠡᠨᠡ ᠤᠲᠠᠭᠠᠨ ᠤ ᠶᠡᠷᠦᠩᠬᠡᠶᠢᠯᠡᠭᠴᠢ ᠶᠢᠨ ᠰᠤᠩᠭ᠋ᠤᠭᠤᠯᠢ ᠳ᠋ᠤ ᠵᠠᠰᠠᠭ ᠪᠠᠷᠢᠭᠴᠢ ᠨᠠᠮ ᠡᠨᠡᠳᠭᠡᠭ᠌ ᠤᠨ ᠠᠷᠠᠳ ᠤᠨ ᠨᠠᠮ ᠤᠨ ᠤᠲᠤᠷᠢᠲᠤᠭᠰᠠᠨ ᠪᠦᠬᠦ ᠤᠯᠤᠰ ᠤᠨ ᠠᠷᠠᠳᠴᠢᠯᠠᠯ ᠤᠨ ᠬᠤᠯᠪᠤᠭᠠᠯᠠᠯ ᠵᠤᠩᠬᠢᠯᠠᠬᠤ ᠤᠯᠠᠨ ᠲᠤᠭᠠᠨ ᠤ ᠰᠠᠭᠤᠲᠠᠯ ᠡᠵᠡᠯᠡᠭᠰᠡᠨ ᠢᠶᠡᠷ ᠿᠠᠮ• ᠨᠠᠼ • ᠺᠤᠸᠨᠳ᠋ ᠲᠤ ᠲᠦᠢᠯ ᠤᠨ ᠠᠰᠢᠭᠲᠠᠢ ᠪᠤᠯᠪᠠ᠃ ᠡᠨᠡᠳᠭᠡᠭ᠌ ᠤᠨ ᠶᠡᠷᠦᠩᠬᠡᠶᠢᠯᠡᠭᠴᠢ ᠶᠢᠨ ᠲᠤᠰᠢᠶᠠᠯ ᠤᠨ ᠬᠤᠭᠤᠴᠠᠭ᠎ᠠ  ᠨᠢ 5 ᠵᠢᠯ᠂ ᠤᠲᠤ ᠶᠢᠨ ᠶᠡᠷᠦᠩᠬᠡᠶᠢᠯᠡᠭᠴᠢ ᠶᠢᠨ ᠲᠤᠰᠢᠶᠠᠯ ᠤᠨ ᠬᠤᠭᠤᠴᠠᠭ᠎᠎ᠠ ᠨᠢ 7 ᠰᠠᠷ᠎ᠠ ᠶᠢᠨ 24 ᠤ ᠡᠲᠦᠷ ᠲᠠᠭᠤᠰᠤᠨ᠎ᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121357982