蒙古文网站Logo
ᠰᠢᠨᠬᠤᠸᠠ ᠮᠤᠩᠭ᠋ᠤᠯ ᠨᠧᠲ

ᠺᠤᠷᠢᠶᠠ ᠶᠢᠨ ᠨᠠᠰᠤᠨ ᠳ᠋ᠤ ᠬᠦᠷᠦᠭᠰᠡᠳ ᠭᠠᠷᠠᠭ ᠲᠤ ᠯᠤᠩᠬᠤ ᠢᠯᠡᠬᠦᠦ ᠠᠷᠢᠬᠢ ᠪᠠᠯᠭᠤᠲᠠᠭ

2017-07-28 10:52

    26 ᠤ ᠡᠲᠦᠷ ᠺᠤᠷᠢᠶᠠ ᠶᠢᠨ ᠠᠷᠢᠬᠢᠨ ᠤ ᠠᠵᠢᠯ ᠲᠦᠷᠦᠯ ᠤᠨ ᠬᠢᠨ ᠤ ᠨᠡᠶᠢᠲᠡᠯᠡᠭᠰᠡᠨ ᠲᠤᠭ᠎ᠠ ᠪᠠᠷᠢᠮᠲᠠ ᠳ᠋ᠤ ᠬᠠᠷᠠᠭᠤᠯᠤᠭᠰᠠᠨ ᠢᠶᠡᠷ᠂ ᠨᠢᠲᠤᠨᠤᠨ ᠺᠤᠷᠢᠶᠠ 360 ᠯᠢᠲ᠋ᠷ ᠤᠨ ᠬᠠᠷ᠎ᠠ ᠠᠷᠢᠬᠢ ᠶᠢ 17 ᠳ᠋ᠦᠩᠰᠢᠭᠤᠷ ᠯᠤᠩᠬᠤ ᠦᠢᠯᠡᠳᠪᠦᠷᠢᠯᠡᠭᠰᠡᠨ ᠭᠡᠵᠡᠢ᠃ ᠡᠨᠡᠬᠦ ᠬᠠᠷ᠎ᠠ ᠠᠷᠢᠬᠢ ᠺᠤᠷᠢᠶᠠ ᠶᠢᠨ ᠵᠠᠬ᠎ᠠ ᠵᠡᠭᠡᠯᠢ ᠶᠢᠨ ᠬᠠᠭᠠᠰ ᠢ ᠡᠵᠡᠯᠡᠭᠰᠡᠨ ᠭᠡᠵᠦ ᠲᠦᠰᠦᠭᠡᠯᠡᠪᠡᠯ ᠨᠢᠲᠤᠨᠤᠨ ᠺᠤᠷᠢᠶᠠᠴᠤᠳ ᠪᠠᠷᠤᠭ 34 ᠳ᠋ᠦᠩᠰᠢᠭᠤᠷ ᠯᠤᠩᠬᠤ ᠬᠠᠷ᠎ᠠ ᠠᠷᠢᠬᠢ ᠪᠠᠯᠭᠤᠵᠤ ᠨᠠᠰᠤᠨ ᠳ᠋ᠤ ᠬᠦᠷᠦᠭᠰᠡᠳ ᠲᠤᠮᠲᠠᠴᠢ ᠪᠡᠷ ᠭᠠᠷᠠᠭ ᠲᠤ ᠯᠤᠩᠬᠤ ᠬᠠᠭᠠᠰ ᠬᠠᠷ᠎ᠠ ᠠᠷᠢᠬᠢ ᠪᠠᠯᠭᠤᠪᠠ᠃

    ᠺᠤᠷᠢᠶᠠ ᠶᠢᠨ ᠬᠤᠯᠪᠤᠭᠠᠲᠤ ᠮᠡᠲᠡᠭᠡᠯᠡᠯ ᠤᠨ ᠬᠤᠷᠢᠶ᠎ᠠ ᠶᠢᠨ ᠮᠡᠲᠡᠭᠡᠯᠡᠭᠰᠡᠨ ᠢᠶᠡᠷ᠂ 34 ᠳ᠋ᠦᠩᠰᠢᠭᠤᠷ ᠯᠤᠩᠬᠤ ᠬᠠᠷ᠎ᠠ ᠠᠷᠢᠬᠢ ᠶᠢ 20 ᠨᠠᠰᠤᠨ ᠡᠴᠡ ᠲᠡᠭᠡᠭ᠍ᠰᠢᠬᠢ 4015 ᠲᠦᠮᠡᠨ ᠬᠦᠮᠦᠨ ᠪᠠᠯᠭᠤᠭᠰᠠᠨ ᠭᠡᠵᠦ ᠲᠦᠰᠦᠭᠡᠯᠡᠪᠡᠯ ᠨᠢᠲᠤᠨᠤᠨ ᠬᠦᠮᠦᠨ ᠲᠤᠮᠲᠠᠴᠢ ᠪᠡᠷ 84.7 ᠯᠤᠩᠬᠤ᠂ ᠬᠦᠮᠦᠨ ᠪᠦᠷᠢ ᠭᠠᠷᠠᠭ ᠲᠤ ᠲᠤᠮᠲᠠᠴᠢ ᠪᠡᠷ 1.62 ᠯᠤᠩᠬᠤ᠂ ᠡᠲᠦᠷ ᠲᠤ 0.23 ᠯᠤᠩᠬᠤ ᠬᠠᠷ᠎ᠠ ᠠᠷᠢᠬᠢ ᠪᠠᠯᠭᠤᠭᠰᠠᠨ ᠪᠠᠶᠢᠨ᠎ᠠ᠃

    ᠰᠤᠨᠢᠷᠬᠠᠯᠲᠠᠢ ᠨᠢ 34 ᠳ᠋ᠦᠩᠰᠢᠭᠤᠷ ᠬᠠᠷ᠎ᠠ ᠠᠷᠢᠬᠢᠨ ᠤ ᠯᠤᠩᠬᠤ ᠲᠡᠯᠡᠬᠡᠢ ᠶᠢᠨ ᠪᠦᠰᠡᠯᠡᠬᠦᠷ ᠢ 1.8 ᠤᠷᠢᠶᠠᠵᠤ ᠲᠡᠶᠢᠯᠦᠨ᠎ᠡ᠃

    ᠺᠤᠷᠢᠶᠠ ᠶᠢᠨ ᠬᠠᠷ᠎ᠠ ᠠᠷᠢᠬᠢᠨ ᠤ ᠰᠫᠢᠷᠲ ᠤᠨ ᠠᠭᠤᠯᠤᠭᠲᠠᠴᠠ ᠨᠢ 17-20ᠶ᠋ᠢᠨ ᠬᠤᠭᠤᠷᠤᠨᠲᠤ ᠪᠠᠶᠢᠲᠠᠭ᠃ ᠮᠡᠷᠭᠡᠵᠢᠯ ᠤᠨ ᠬᠦᠮᠦᠰ ᠤᠨ ᠦᠵᠡᠬᠦ ᠪᠡᠷ ᠡᠳ᠋ ᠤᠨ ᠵᠠᠰᠠᠭ ᠤᠨ ᠬᠦᠭ᠍ᠵᠢᠯᠲᠠ ᠤᠲᠠᠭᠠᠰᠢᠷᠠᠭᠰᠠᠨ ᠡᠴᠡ ᠭᠠᠲᠠᠭᠠᠲᠤ ᠶᠢᠨ ᠠᠷᠢᠬᠢᠨ ᠤ ᠵᠠᠬ᠎ᠠ ᠵᠡᠭᠡᠯᠢ ᠮᠠᠭᠤᠲᠠᠵᠤ ᠢᠷᠭᠡᠳ ᠤᠨ ᠨᠡᠶᠢᠲᠡ ᠶᠢᠨ ᠬᠡᠷᠡᠭᠯᠡᠭᠡᠨ ᠤ ᠬᠠᠷ᠎ᠠ ᠠᠷᠢᠬᠢ ᠶᠢᠨ ᠬᠡᠷᠡᠭᠴᠡᠭᠡ ᠶᠡᠭᠡ ᠪᠤᠯᠬᠤ ᠬᠠᠨᠲᠤᠰᠢ ᠲᠠᠢ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121394816