ᠫᠦᠲ᠋ᠢᠨ᠄ ᠤᠷᠤᠰ ᠲᠤ ᠰᠠᠭᠤᠭ᠎ᠠ ᠠᠮᠧᠷᠢᠺᠠ ᠶᠢᠨ ᠭᠠᠲᠠᠭᠠᠲᠤ ᠶᠠᠪᠤᠲᠠᠯ ᠤᠨ ᠠᠵᠢᠯᠲᠠᠨ ᠢ 755 ᠴᠦᠬᠡᠴᠢᠯᠡᠪᠡᠯ ᠵᠤᠬᠢᠨ᠎ᠠ 2017-07-31 11:43

    ᠰᠢᠨᠬᠤᠧᠠ ᠬᠤᠷᠢᠶ᠎ᠠ   ᠮᠤᠰᠺᠧᠠ ᠶᠢᠨ 7 ᠰᠠᠷ᠎ᠠ ᠶᠢᠨ 30 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠠᠨ ᠰᠢᠶᠤᠤ ᠮᠧᠩ ) ᠤᠷᠤᠰ ᠤᠨ ᠲᠸᠯᠸᠢᠰ ᠬᠤᠷᠢᠶᠠᠨ ᠤ ᠰᠤᠨᠢᠨ ᠮᠡᠲᠡᠭᠡᠯᠡᠯ ᠰᠤᠪᠠᠭ ᠤᠨ ᠰᠠᠶᠢᠲ 30 ᠡᠲᠦᠷ ᠤᠷᠤᠰ ᠤᠨ ᠶᠡᠷᠦᠩᠬᠡᠶᠢᠯᠡᠭᠴᠢ ᠫᠦᠲ᠋ᠢᠨ ᠤ ᠰᠤᠷᠪᠤᠯᠵᠢᠯᠠᠭ᠎ᠠ ᠶᠢᠨ ᠠᠭᠤᠯᠭ᠎ᠠ ᠶᠢ ᠨᠡᠪᠲᠡᠷᠡᠬᠦᠯᠪᠡ᠂ ᠫᠦᠲ᠋ᠢᠨ ᠤᠷᠤᠰ ᠲᠤ ᠰᠠᠭᠤᠭ᠎ᠠ ᠠᠮᠧᠷᠢᠺᠠ ᠶᠢᠨ ᠭᠠᠲᠠᠭᠠᠲᠤ ᠶᠠᠪᠤᠲᠠᠯ ᠤᠨ ᠠᠵᠢᠯᠲᠠᠨ ᠢ 755 ᠴᠦᠬᠡᠴᠢᠯᠡᠨ ᠤᠷᠤᠰ ᠠᠮᠧᠷᠢᠺᠠ ᠡᠴᠡ ᠨᠦᠬᠦᠭᠡ ᠡᠲᠡᠭᠡᠳ ᠤᠨ ᠢᠶᠡᠨ ᠤᠯᠤᠰ ᠲᠤ ᠰᠠᠭᠤᠭ᠎ᠠ ᠭᠠᠲᠠᠭᠠᠲᠤ ᠶᠠᠪᠤᠲᠠᠯ ᠤᠨ ᠠᠵᠢᠯᠲᠠᠳ ᠤᠨ ᠲᠤᠭ᠎ᠠ ᠶᠢ ᠲᠡᠩᠴᠡᠬᠦᠦ ᠪᠠᠶᠢᠯᠭᠠᠪᠠᠯ ᠵᠤᠬᠢᠨ᠎ᠠ ᠭᠡᠵᠡᠢ᠃

    ᠰᠤᠷᠪᠤᠯᠵᠢᠯᠠᠭ᠎ᠠ ᠶᠢᠨ ᠦᠶ᠎ᠠ ᠪᠡᠷ ᠫᠦᠲ᠋ᠢᠨ ᠤᠷᠤᠰ ᠲᠤ ᠰᠠᠭᠤᠭ᠎ᠠ ᠠᠮᠧᠷᠢᠺᠠ ᠶᠢᠨ 755 ᠭᠠᠲᠠᠭᠠᠲᠤ ᠶᠠᠪᠤᠲᠠᠯ ᠤᠨ ᠠᠵᠢᠯᠲᠠᠨ ᠪᠤᠶᠤ ᠮᠡᠷᠭᠡᠵᠢᠯᠲᠡᠨ ᠢ ᠤᠷᠤᠰ ᠡᠴᠡ ᠶᠠᠪᠤᠬᠤ ᠴᠢᠬᠤᠯᠠ ᠲᠠᠢ᠃ ᠠᠮᠧᠷᠢᠺᠠ ᠶᠢᠨ ᠡᠰᠡᠷᠬᠦ ᠬᠠᠷᠢᠭᠤ ᠵᠠᠯᠬᠠᠭᠠᠯ ᠶᠠᠪᠤᠭᠤᠯᠬᠤ ᠠᠷᠭ᠎ᠠ ᠬᠡᠮᠵᠢᠶ᠎ᠠ ᠤᠷᠤᠰ ᠲᠦ ᠤᠯᠠᠨ ᠪᠤᠢ᠂ ᠭᠡᠪᠡᠴᠦ ᠤᠲᠤᠬᠠᠨ ᠳ᠋ᠤ ᠠᠷᠭ᠎ᠠ ᠬᠡᠮᠵᠢᠶ᠎ᠠ ᠠᠪᠬᠤ ᠦᠭᠡᠢ᠃ ᠤᠷᠤᠰ ᠤᠨ ᠲᠠᠯ᠎ᠠ ᠠᠮᠧᠷᠢᠺᠠ ᠲᠠᠢ ᠢᠨᠲ᠋ᠧᠷᠨᠧᠲ ᠶᠠᠯ᠎ᠠ ᠬᠢᠬᠦ ᠶᠢ ᠰᠡᠷᠬᠡᠶᠢᠯᠡᠬᠦ ᠵᠡᠷᠭᠡ ᠰᠠᠯᠪᠤᠷᠢ ᠳ᠋ᠤ ᠬᠠᠮᠲᠤᠷᠠᠨ ᠠᠵᠢᠯᠯᠠᠬᠤ ᠭᠡᠰᠡᠨ ᠴᠤ ᠠᠮᠧᠷᠢᠺᠠ ᠶᠢᠨ ᠬᠢᠨ ᠤᠷᠤᠰ ᠢ ᠶᠡᠷᠦᠩᠬᠡᠶᠢᠯᠡᠭᠴᠢ ᠶᠢᠨ ᠰᠤᠩᠭ᠋ᠤᠭᠤᠯᠢ ᠳ᠋ᠤ ᠭᠠᠷ ᠲᠦᠷᠦᠭᠰᠡᠨ ᠭᠡᠵᠦ ᠰᠢᠯᠲᠠᠭᠠᠯᠠᠲᠠᠭ᠃ ᠬᠤᠶᠠᠷ ᠤᠯᠤᠰ ᠢᠶᠡᠷ ᠢᠶᠡᠨ ᠡᠨᠧᠷᠬᠢ᠂ ᠠᠭᠠᠷ ᠰᠠᠨᠰᠠᠷ᠂ ᠤᠷᠴᠢᠯᠠᠩ ᠵᠡᠷᠭᠡ ᠰᠠᠯᠪᠤᠷᠢ ᠳ᠋ᠤ ᠬᠠᠮᠲᠤᠷᠠᠯᠴᠠᠭᠠᠨ ᠤ ᠦᠷᠭᠡᠨ ᠵᠠᠢ ᠲᠠᠢ᠂ ᠠᠯᠠᠨ ᠰᠦᠷᠲᠡᠬᠦᠯᠬᠦ ᠵᠡᠪᠰᠡᠭ ᠲᠤᠨᠤᠭᠯᠠᠯ᠂ ᠰᠦᠷᠲᠡᠬᠦᠯᠦᠯ ᠢ ᠡᠰᠡᠷᠬᠦᠴᠡᠬᠦ ᠪᠠ ᠰᠢᠷᠢᠶ᠎ᠠ ᠶᠢᠨ ᠠᠰᠠᠭᠤᠲᠠᠯ ᠤᠨ ᠲᠠᠯ᠎ᠠ ᠳ᠋ᠤ ᠬᠦᠴᠢᠷᠲᠡᠯ ᠲᠠᠢ ᠴᠤ ᠤᠷᠤᠰ ᠠᠮᠧᠷᠢᠺᠡ ᠬᠠᠮᠲᠤᠷᠠᠨ ᠰᠢᠷᠢᠶ᠎ᠠ ᠶᠢᠨ ᠠᠰᠠᠭᠤᠲᠠᠯ ᠢ ᠰᠢᠢᠳᠪᠦᠷᠢᠯᠡᠵᠦ ᠪᠤᠢ ᠭᠡᠵᠡᠢ᠃

    

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121407483