蒙古文网站Logo
ᠰᠢᠨᠬᠤᠸᠠ ᠮᠤᠩᠭ᠋ᠤᠯ ᠨᠧᠲ

ᠠᠩᠭ᠍ᠯᠢ ᠶᠢᠨ ᠬᠠᠲᠤᠨ ᠬᠠᠭᠠᠨ ᠤ ᠨᠦᠬᠦᠷ ᠹᠢᠯᠢᠫ ᠠᠵᠢᠯ ᠡᠴᠡ ᠪᠠᠨ ᠲᠠᠷᠬᠠᠯᠠᠭᠲᠠᠪᠠ

2017-08-04 10:55

    8 ᠰᠠᠷ᠎ᠠ ᠶᠢᠨ 2 ᠤᠨ ᠡᠲᠦᠷ᠂ ᠠᠩᠭ᠍ᠯᠢ ᠶᠢᠨ ᠬᠠᠲᠤᠨ ᠬᠠᠭᠠᠨ ᠢᠯᠢᠽᠧᠪᠧᠰ ᠬᠤᠶᠠᠲᠤᠭᠠᠷ ᠤᠨ ᠨᠦᠬᠦᠷ᠂ 96 ᠨᠠᠰᠤᠳᠠᠢ ᠹᠢᠯᠢᠫ ᠠᠵᠢᠯ ᠤᠨ ᠡᠲᠦᠷ ᠤᠨ ᠢᠶᠡᠨ ᠬᠠᠮᠤᠭ ᠤᠨ ᠰᠡᠬᠦᠯ ᠤᠨ ᠠᠵᠢᠯᠯᠠᠭ᠎ᠠ ᠳ᠋ᠤ ᠤᠷᠤᠯᠴᠠᠵᠤ ᠲᠠᠷᠬᠠᠯᠠᠭᠲᠠᠪᠠ᠃

    ᠲᠡᠷᠡᠪᠡᠷ 1921 ᠤᠨ ᠳ᠋ᠤ ᠭᠷᠧᠭ᠌᠋ ᠤᠯᠤᠰ ᠲᠤ ᠭᠷᠧᠭ᠌᠋  ᠪᠠ ᠳ᠋ᠠᠨᠮᠠᠷᠺ ᠤᠨ ᠸᠠᠩ ᠤᠨ ᠤᠭᠰᠠᠭᠠᠨ ᠤ ᠭᠡᠷ ᠪᠦᠯᠢ ᠳ᠋ᠤ ᠲᠦᠷᠦᠪᠡ᠃ ᠠᠩᠭ᠍ᠯᠢ ᠶᠢᠨ ᠬᠠᠲᠤᠨ ᠬᠠᠭᠠᠨ ᠢᠯᠢᠽᠧᠪᠧᠰ ᠬᠤᠶᠠᠲᠤᠭᠠᠷ  ᠲᠠᠢ ᠬᠤᠯᠠ ᠶᠢᠨ ᠰᠠᠲᠤᠨ ᠪᠤᠯᠲᠠᠭ ᠶᠤᠮ᠃ ᠲᠡᠯᠡᠬᠡᠢ ᠶᠢᠨ ᠬᠤᠶᠠᠲᠤᠭᠠᠷ ᠲᠠᠶᠢᠨ ᠤ ᠦᠶ᠎ᠠ ᠳ᠋ᠤ ᠲᠠᠯᠠᠢ ᠶᠢᠨ ᠴᠡᠷᠢᠭ ᠤᠨ ᠨᠤᠶᠠᠨ ᠤ ᠲᠤᠰᠢᠶᠠᠯ ᠢ ᠡᠭᠦᠷᠭᠡᠯᠡᠵᠦ ᠪᠠᠶᠢᠪᠠ᠃ 1947 ᠤᠨ  ᠳ᠋ᠤ ᠬᠤᠶᠠᠭᠤᠯᠠ ᠪᠠᠨ ᠠᠶᠢᠯ ᠭᠡᠷ ᠪᠤᠯᠵᠤ᠂ 1952 ᠤᠨ ᠳ᠋ᠤ ᠢᠯᠢᠽᠧᠪᠧᠰ ᠬᠤᠶᠠᠲᠤᠭᠠᠷ ᠠᠩᠭ᠍ᠯᠢ ᠶᠢᠨ ᠬᠠᠲᠤᠨ ᠬᠠᠭᠠᠨ ᠪᠤᠯᠤᠭᠰᠠᠨ ᠤ ᠲᠠᠷᠠᠭᠠᠬᠢ 65 ᠵᠢᠯ ᠤᠨ ᠲᠤᠷᠰᠢ ᠲᠡᠷᠡᠪᠡᠷ ᠴᠢᠨ ᠸᠠᠩ ᠤᠨ ᠡᠭᠦᠷᠭᠡ ᠶᠢ ᠭᠦᠢᠴᠡᠳᠭᠡᠵᠦ᠂ ᠸᠠᠩ ᠤᠨ ᠤᠭᠰᠠᠭ᠎ᠠ ᠶᠢ ᠲᠦᠯᠦᠭᠡᠯᠡᠨ ᠱᠠᠩᠨᠠᠨ ᠬᠦᠬᠢᠬᠦᠯᠬᠦ ᠠᠵᠢᠯᠯᠠᠭ᠎ᠠ᠂ ᠶᠤᠰᠤᠯᠠᠯ᠂ ᠪᠡᠯᠭᠡᠯᠡᠬᠦ ᠬᠦᠲᠡᠯᠭᠡᠭᠡᠨ ᠵᠡᠷᠭᠡ  ᠳ᠋ᠤ ᠤᠷᠤᠯᠴᠠᠵᠤ ᠠᠩᠭ᠍ᠯᠢ ᠶᠢᠨ ᠸᠠᠩ ᠤᠨ ᠤᠭᠰᠠᠭᠠᠨ ᠤ ᠬᠢᠨ ᠤ ᠬᠠᠮᠤᠭ ᠤᠨ ᠶᠠᠭᠠᠷᠠᠤ ᠭᠡᠰᠢᠬᠦᠨ ᠪᠤᠯᠪᠠ᠃ ᠲᠡᠷᠡ ᠪᠤᠯ ᠲᠡᠯᠡᠬᠡᠢ ᠲᠡᠭᠡᠷᠡᠬᠢ ᠫᠠᠶᠢᠰᠠ ᠢᠯᠡᠷᠬᠡᠶᠢᠯᠡᠯ ᠬᠠᠮᠤᠭ ᠤᠨ ᠤᠯᠠᠨ ᠰᠡᠭᠦᠭ᠍ᠰᠡᠨ ᠡᠯᠪᠡᠭ᠌ ᠲᠤᠷᠰᠢᠯᠭ᠎ᠠ ᠲᠠᠢ ᠬᠦᠮᠦᠨ ᠪᠢᠯᠡ᠃

    ᠠᠩᠭ᠍ᠯᠢ ᠶᠢᠨ ᠬᠡᠪᠯᠡᠯ ᠮᠡᠲᠡᠭᠡᠯᠡᠯ ᠤᠨ ᠬᠢᠨ ᠤ ᠪᠦᠷᠢᠳᠭᠡᠭ᠍ᠰᠡᠨ ᠢᠢᠡᠷ᠂ ᠹᠢᠯᠢᠫ ᠴᠢᠨ ᠸᠠᠩ ᠠᠩᠭ᠍ᠯᠢ ᠶᠢᠨ ᠸᠠᠩ ᠤᠨ ᠤᠭᠰᠠᠭ᠎ᠠ ᠶᠢ ᠲᠦᠯᠦᠭᠡᠯᠡᠨ 2.2 ᠲᠦᠮᠡᠨ ᠤᠲᠠᠭᠠᠨ ᠤ ᠬᠤᠷᠠᠯ ᠴᠤᠭᠯᠠᠭᠠᠨ ᠳ᠋ᠤ ᠤᠷᠤᠯᠴᠠᠵᠤ ᠭᠠᠲᠠᠭᠠᠲᠤ ᠤᠯᠤᠰ ᠤᠷᠤᠨ ᠢᠶᠡᠷ 637 ᠤᠲᠠᠭ᠎ᠠ ᠠᠶᠢᠯᠴᠢᠯᠠᠨ 5500 ᠤᠲᠠᠭ᠎ᠠ ᠢᠯᠡᠳᠭᠡᠯ ᠬᠢᠵᠦ ᠦᠩᠭᠡᠷᠡᠵᠡᠢ᠃ ᠡᠭᠦᠨ  ᠡᠴᠡ ᠭᠠᠲᠠᠨ᠎ᠠ 780 ᠵᠤᠬᠢᠶᠠᠨ ᠪᠠᠶᠢᠭᠤᠯᠤᠯᠲᠠ ᠪᠤᠶᠤ ᠰᠠᠯᠠᠭ᠎ᠠ ᠮᠦᠴᠢᠷ ᠤᠨ ᠲᠡᠳᠬᠦᠨ ᠲᠡᠮᠵᠢᠭᠴᠢ᠂ ᠲᠡᠷᠢᠬᠦᠯᠡᠭᠴᠢ ᠪᠤᠶᠤ ᠭᠡᠰᠢᠬᠦᠨ ᠤ ᠲᠤᠰᠢᠶᠠᠯ ᠢ ᠡᠭᠦᠷᠭᠡᠯᠡᠵᠦ ᠪᠠᠶᠢᠲᠠᠭ᠃

    ᠡᠨᠡ ᠤᠨ ᠤ 5 ᠰᠠᠷ᠎ᠠ ᠳ᠋ᠤ ᠪᠧᠺᠢᠩᠬᠠᠮ ᠤᠷᠲᠤᠨ ᠡᠴᠡ 8 ᠰᠠᠷ᠎ᠠ ᠡᠴᠡ ᠡᠬᠢᠯᠡᠨ ᠹᠢᠯᠢᠫ ᠴᠢᠨ ᠸᠠᠩ ᠬᠤᠷᠠᠯ ᠴᠤᠭᠯᠠᠭᠠᠨ᠂ ᠠᠵᠢᠯᠯᠠᠭᠠᠨ ᠳ᠋ᠤ ᠤᠷᠤᠯᠴᠠᠬᠤ ᠦᠭᠡᠢ ᠭᠡᠵᠦ ᠤᠨᠴᠠᠯᠠᠵᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121431586