蒙古文网站Logo
ᠰᠢᠨᠬᠤᠸᠠ ᠮᠤᠩᠭ᠋ᠤᠯ ᠨᠧᠲ

ᠡᠮᠦᠨᠡᠲᠦ ᠰᠦᠲᠠᠨ ᠳ᠋ᠤ ᠪᠤᠯᠴᠢᠩ ᠵᠠᠲᠠᠷᠠᠬᠤ ᠲᠠᠬᠤᠯ ᠲᠡᠯᠭᠡᠷᠡᠵᠦ ᠨᠠᠭᠠᠲᠤ ᠵᠠᠬ᠎ᠠ ᠳ᠋ᠠᠭᠠᠨ 328 ᠬᠦᠮᠦᠨ ᠠᠮᠢ ᠪᠠᠨ ᠠᠯᠲᠠᠪᠠ

2017-08-09 16:27

    ᠰᠢᠨᠬᠤᠧᠠ ᠬᠤᠷᠢᠶ᠎ᠠ   ᠨᠠᠶᠢᠷᠤᠪᠢ ᠶᠢᠨ 8 ᠰᠠᠷ᠎ᠠ ᠶᠢᠨ 8 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠢᠨ ᠵᠧᠩ᠂ ᠸᠠᠩ ᠰᠢᠶᠤᠤ ᠫᠧᠩ ) 8 ᠤ ᠡᠲᠦᠷ᠂ ᠤᠯᠠᠨ ᠤᠯᠤᠰ ᠤᠨ ᠴᠠᠭᠠᠴᠢ ᠢᠷᠭᠡᠨ ᠤ ᠵᠤᠬᠢᠶᠠᠨ ᠪᠠᠶᠢᠭᠤᠯᠤᠯᠲᠠ ᠡᠮᠦᠨᠡᠲᠦ ᠰᠦᠲᠠᠨ ᠤ ᠨᠡᠶᠢᠰᠯᠡᠯ ᠳ᠋ᠤ ᠮᠡᠲᠡᠭᠡ ᠨᠡᠶᠢᠲᠡᠯᠡᠵᠦ᠂ ᠨᠢᠲᠤᠨᠤᠨ ᠤ 6 ᠰᠠᠷ᠎ᠠ ᠶᠢᠨ 18 ᠤ ᠡᠲᠦᠷ ᠡᠴᠡ ᠨᠠᠰᠢ ᠡᠮᠦᠨᠡᠲᠦ ᠰᠦᠲᠡᠨ ᠳ᠋ᠤ ᠪᠤᠯᠴᠢᠩ ᠵᠠᠲᠠᠷᠠᠬᠤ ᠲᠠᠬᠤᠯ ᠲᠡᠯᠭᠡᠷᠡᠵᠦ 1.8 ᠲᠦᠮᠡᠨ ᠡᠪᠡᠳᠴᠢᠨ ᠤ ᠵᠢᠱᠢᠶ᠎ᠡ ᠡᠭᠦᠰᠴᠦ ᠡᠭᠦᠨ ᠳ᠋ᠤ ᠨᠠᠭᠠᠲᠤ ᠵᠠᠬ᠎ᠠ ᠳ᠋ᠠᠭᠠᠨ 328 ᠬᠦᠮᠦᠨ ᠠᠮᠢ ᠪᠠᠨ ᠠᠯᠲᠠᠪᠠ ᠭᠡᠵᠡᠢ᠃

    2013 ᠤᠨ ᠤ 12 ᠰᠠᠷ᠎ᠠ ᠳ᠋ᠤ ᠡᠮᠦᠨᠡᠲᠦ ᠰᠦᠲᠠᠨ ᠤ ᠵᠦᠷᠢᠴᠡᠯ ᠮᠦᠷᠬᠦᠯᠲᠦᠭᠡᠨ ᠡᠭᠦᠰᠦᠭᠰᠡᠨ ᠡᠴᠡ ᠤᠲᠤ ᠪᠤᠯᠲᠠᠯ᠎ᠠ 400 ᠲᠦᠮᠡᠨ ᠬᠦᠮᠦᠨ ᠭᠡᠷ ᠤᠷᠤᠨ ᠡᠴᠡ ᠪᠠᠨ ᠰᠠᠯᠵᠤ ᠭᠠᠰᠠᠯᠠᠩ ᠵᠤᠪᠠᠯᠠᠩ ᠲᠠᠢ ᠲᠡᠨᠦᠭᠦᠴᠢᠯᠡᠵᠦ ᠬᠤᠭᠤᠯᠠ ᠤᠮᠲᠠ ᠶᠢᠨ ᠠᠶᠤᠯᠬᠦᠢ ᠶᠢᠨ ᠪᠠᠶᠢᠲᠠᠯ ᠮᠠᠰᠢ ᠬᠡᠴᠡᠬᠦᠲᠡᠵᠦ᠂ ᠪᠤᠯᠴᠢᠩ ᠵᠠᠲᠠᠷᠠᠬᠤ ᠲᠠᠬᠤᠯ ᠶᠡᠬᠡ ᠪᠡᠷ ᠲᠡᠯᠭᠡᠷᠡᠭᠰᠡᠨ ᠢᠶᠡᠷ ᠬᠦᠮᠦᠨᠴᠢ ᠶᠤᠰᠤᠨ ᠤ ᠲᠡᠮᠵᠢᠯᠭᠡ ᠴᠢᠬᠤᠯᠠ ᠲᠡᠢ ᠪᠠᠶᠢᠨ᠎ᠠ ᠭᠡᠵᠦ ᠲᠤᠬᠠᠢ ᠶᠢᠨ ᠡᠲᠦᠷ ᠪᠤᠯᠤᠭᠰᠠᠨ ᠬᠡᠪᠯᠡᠯ ᠮᠡᠲᠡᠭᠡᠯᠡᠯ ᠤᠨ ᠬᠤᠷᠠᠯ ᠳ᠋ᠤ ᠤᠯᠠᠨ ᠤᠯᠤᠰ ᠤᠨ ᠴᠠᠭᠠᠴᠢ ᠢᠷᠭᠡᠨ ᠤ ᠵᠤᠬᠢᠶᠠᠨ ᠪᠠᠶᠢᠭᠤᠯᠤᠯᠲᠠ ᠤᠨᠴᠠᠯᠠᠵᠠᠢ᠃

    ᠪᠤᠯᠴᠢᠩ ᠵᠠᠲᠠᠷᠠᠬᠤ ᠲᠠᠬᠤᠯ ᠶᠡᠬᠡ ᠪᠡᠷ ᠲᠡᠯᠭᠡᠷᠡᠭᠰᠡᠨ ᠭᠠᠵᠠᠷ ᠨᠢ ᠨᠢᠯ ᠮᠦᠷᠡᠨ ᠡᠴᠡ ᠤᠶᠢᠷᠬᠠᠨ᠂ ᠪᠤᠷᠤᠭᠠᠨᠲᠤ ᠤᠯᠠᠷᠢᠯ ᠳ᠋ᠤ ᠬᠤᠷ᠎ᠠ ᠴᠢᠬᠢᠭ᠌ ᠶᠡᠬᠡᠲᠡᠢ ᠡᠴᠡ ᠪᠤᠯᠤᠭᠰᠠᠨ ᠶᠤᠮ᠃ ᠡᠨᠡᠬᠦ ᠲᠠᠬᠤᠯ ᠨᠢ ᠬᠤᠯᠧᠷᠠ ᠨᠤᠮᠤᠨ ᠪᠠᠺᠲ᠋ᠧᠷᠢ ᠡᠴᠡ ᠡᠭᠦᠰᠦᠭᠰᠡᠨ ᠲᠦᠷᠭᠡᠨ ᠴᠢᠨᠠᠷᠲᠠᠢ ᠬᠤᠲᠤᠭᠤᠲᠤ ᠭᠡᠲᠡᠰᠦᠨ ᠤ ᠬᠠᠯᠲᠠᠪᠤᠷᠢᠲᠦ ᠡᠪᠡᠳᠴᠢᠨ ᠪᠤᠯᠬᠤᠷ ᠡᠪᠡᠳᠴᠢᠲᠠᠨ ᠪᠦᠭᠡᠯᠵᠢᠵᠦ ᠰᠠᠭᠤᠯᠭᠠᠭᠤ᠂ ᠰᠢᠩᠭᠡᠨ ᠠᠯᠲᠠᠭᠲᠠᠬᠤ᠂ ᠬᠠᠯᠠᠭᠤᠷᠠᠬᠤ ᠮᠡᠲᠦ ᠶᠢᠨ ᠢᠯᠡᠷᠡᠯ ᠭᠠᠷᠴᠤ᠂ ᠡᠮᠴᠢᠯᠡᠬᠦᠯᠬᠦ ᠬᠤᠭᠤᠴᠠᠭ᠎ᠠ ᠡᠴᠡ ᠦᠩᠭᠡᠷᠡᠪᠡᠯ ᠠᠮᠢᠨ ᠳ᠋ᠤᠨᠢ ᠠᠶᠤᠯ ᠲᠠᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121457666