蒙古文网站Logo
ᠰᠢᠨᠬᠤᠸᠠ ᠮᠤᠩᠭ᠋ᠤᠯ ᠨᠧᠲ

ᠺᠤᠷᠢᠶᠠ ᠶᠢᠨ 《ᠰᠠᠳ᠋》 ᠢ ᠡᠰᠡᠷᠬᠦᠴᠡᠭᠴᠢ ᠵᠢᠷᠭᠤᠭᠠᠨ ᠪᠠᠭ 《ᠰᠠᠳ᠋ 》ᠪᠠᠶᠢᠷᠢᠯᠠᠭᠤᠯᠬᠤ ᠶᠢ ᠵᠤᠭᠰᠤᠭᠠᠬᠤ ᠬᠡᠷᠡᠭᠲᠡᠢ ᠬᠡᠮᠡᠨ ᠵᠠᠰᠠᠭ ᠤᠨ ᠭᠠᠵᠠᠷ  ᠲᠠᠭᠠᠨ ᠱᠠᠭᠠᠷᠲᠠᠪᠠ

2017-08-11 17:15

    ᠰᠢᠨᠬᠤᠧᠠ ᠬᠤᠷᠢᠶ᠎ᠠ   ᠰᠧᠦ᠋ᠯ ᠤᠨ 8 ᠰᠠᠷ᠎ᠠ ᠶᠢᠨ 10 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠶᠤᠤ ᠴᠢ ᠯᠢᠨ᠂ ᠭ᠍ᠸᠩ ᠰᠢᠤᠧᠠᠢ ᠫᠧᠩ ) 10 ᠤ ᠡᠲᠦᠷ᠂ ᠺᠤᠷᠢᠶᠠ ᠶᠢᠨ 《ᠰᠠᠳ᠋》 ᠢ ᠡᠰᠡᠷᠬᠦᠴᠡᠭᠴᠢ ᠵᠢᠷᠭᠤᠭᠠᠨ ᠪᠠᠭ ᠵᠠᠰᠠᠭ ᠤᠨ ᠭᠠᠵᠠᠷ ᠤᠨ ᠢᠶᠡᠨ 《ᠰᠠᠳ᠋》ᠪᠠᠶᠢᠷᠢᠯᠠᠭᠤᠯᠬᠤ ᠪᠡᠷ ᠲᠦᠯᠦᠪᠯᠡᠵᠦ ᠪᠠᠶᠢᠭᠰᠠᠨ ᠭᠠᠵᠠᠷ ᠤᠨ ᠬᠠᠪᠢ ᠳ᠋ᠤ ᠬᠡᠪᠯᠡᠯ ᠮᠡᠲᠡᠭᠡᠯᠡᠯ ᠤᠨ ᠬᠤᠷᠠᠯ ᠬᠤᠷᠠᠯᠲᠤᠭᠤᠯᠵᠤ᠂ ᠲᠤᠬᠠᠢ ᠶᠢᠨ ᠡᠲᠦᠷ ᠺᠤᠷᠢᠶᠠ ᠶᠢᠨ ᠵᠠᠰᠠᠭ ᠤᠨ ᠭᠠᠵᠠᠷ ᠡᠴᠡ 《ᠰᠠᠳ᠋》ᠪᠠᠶᠢᠷᠢᠯᠠᠭᠤᠯᠬᠤ ᠤᠷᠤᠨ ᠳ᠋ᠤ ᠴᠠᠬᠢᠯᠭᠠᠨ ᠰᠤᠷᠢᠨᠵᠢᠨ ᠲᠤᠯᠬᠢᠶᠠᠨ ᠬᠢᠨᠡᠨ ᠬᠡᠮᠵᠢᠬᠦ ᠪᠡᠷ ᠪᠠᠶᠢᠭᠰᠠᠨ ᠢ ᠡᠰᠡᠷᠬᠦᠴᠡᠡ ᠵᠤᠭᠰᠤᠭᠠᠪᠠ᠃ ᠲᠤᠬᠠᠢ ᠶᠢᠨ ᠤᠷᠤᠨ ᠤ ᠤᠤᠭᠠᠯ ᠢᠷᠭᠡᠳ ᠪᠠ ᠬᠤᠲᠠ ᠶᠢᠨ ᠢᠷᠭᠡᠨ ᠤ ᠪᠠᠭ ᠤᠨ ᠴᠢᠩᠭ᠋᠎ᠠ ᠡᠰᠡᠷᠬᠦᠴᠡᠯ ᠲᠤᠤᠷ᠎᠎ᠡ ᠡᠨᠡᠬᠦ ᠠᠵᠢᠯᠯᠠᠭ᠎ᠠ ᠬᠡᠪ ᠤᠨ ᠶᠤᠰᠤᠭᠠᠷ ᠶᠠᠪᠤᠭᠲᠠᠵᠤ ᠴᠢᠲᠠᠭᠰᠠᠨ ᠦᠭᠡᠢ ᠃

    ᠬᠡᠪᠯᠡᠯ ᠮᠡᠲᠡᠭᠡᠯᠡᠯ ᠤᠨ ᠬᠤᠷᠠᠯ ᠤᠨ ᠦᠶ᠎ᠠ ᠪᠡᠷ ᠡᠨᠡᠬᠦ ᠪᠠᠭ ᠢᠯᠡᠷᠬᠡᠶᠢᠯᠡᠯᠲᠡ ᠨᠡᠶᠢᠲᠡᠯᠡᠵᠦ᠂ ᠺᠤᠷᠢᠶᠠ ᠶᠢᠨ ᠵᠠᠰᠠᠭ ᠤᠨ ᠭᠠᠵᠠᠷ ᠪᠠᠭ᠎ᠠ ᠬᠡᠮᠵᠢᠶᠠᠨ ᠤ ᠤᠷᠴᠢᠨ ᠲᠤᠭᠤᠷᠢᠨ ᠤ ᠨᠦᠯᠦᠭᠡᠯᠡᠯ ᠢ ᠲᠠᠷᠤᠢ ᠲᠦᠷᠭᠡᠨ ᠵᠤᠭᠰᠤᠭᠠᠬᠤ ᠬᠡᠷᠡᠭᠲᠡᠢ; 《ᠰᠠᠳ᠋》ᠰᠢᠰᠲ᠋ᠧᠮ ᠪᠠᠶᠢᠷᠢᠯᠠᠭᠤᠯᠬᠤ ᠢ ᠲᠠᠷᠤᠢ ᠲᠦᠷᠭᠡᠨ ᠵᠤᠭᠰᠤᠭᠠᠵᠤ 《ᠰᠠᠳ᠋》 ᠤᠨ ᠲᠤᠨᠤᠭ ᠲᠦᠬᠦᠭᠡᠷᠦᠮᠵᠢ ᠢ ᠴᠡᠪᠡᠷᠯᠡᠨ ᠠᠷᠢᠯᠭᠠᠬᠤ ᠬᠡᠷᠡᠭᠲᠡᠢ; 《ᠰᠠᠳ᠋》 ᠤᠨ ᠲᠤᠨᠤᠭ ᠲᠦᠬᠦᠭᠡᠷᠦᠮᠵᠢ ᠶᠢ ᠴᠡᠪᠡᠷᠯᠡᠭᠰᠡᠨ ᠤ ᠲᠠᠷᠠᠭ᠎ᠠ ᠤᠷᠴᠢᠨ ᠲᠤᠭᠤᠷᠢᠨ ᠢ ᠬᠢᠨᠡᠨ ᠬᠡᠮᠵᠢᠬᠦ ᠬᠡᠷᠡᠭᠲᠡᠢ; 《ᠰᠠᠳ᠋》  ᠪᠠᠶᠢᠷᠢᠯᠠᠭᠤᠯᠬᠤ ᠶᠠᠪᠤᠴᠠ ᠳ᠋ᠤ ᠬᠠᠦᠯᠢ ᠲᠤᠭᠲᠠᠭᠠᠮᠵᠢ ᠶᠢ ᠵᠦᠷᠢᠴᠡᠭᠰᠡᠨ ᠬᠦᠮᠦᠰ ᠢ ᠴᠢᠩᠭ᠋᠎ᠠ ᠪᠠᠶᠢᠴᠠᠭᠠᠵᠤ ᠰᠢᠢᠳᠭᠡᠬᠦ ᠬᠡᠷᠡᠭᠲᠡᠢ ᠭᠡᠰᠡᠨ 4 ᠲᠠᠯ᠎ᠠ ᠶᠢᠨ ᠱᠠᠭᠠᠷᠲᠠᠯᠭ᠎ᠠ ᠲᠤᠷᠠᠳᠪᠠ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121478755