蒙古文网站Logo
ᠰᠢᠨᠬᠤᠸᠠ ᠮᠤᠩᠭ᠋ᠤᠯ ᠨᠧᠲ

8 ᠰᠠᠷ᠎ᠠ ᠶᠢᠨ ᠲᠤᠮᠲᠠᠴᠢ ᠳ᠋ᠤ ᠭᠤᠧᠠᠮ ᠠᠷᠠᠯ ᠢ ᠪᠦᠰᠡᠯᠡᠨ ᠴᠤᠬᠢᠬᠤ ᠲᠦᠰᠦᠯ ᠢ ᠵᠤᠬᠢᠶᠠᠵᠤ ᠲᠠᠭᠤᠰᠤᠨ᠎ᠡ ᠭᠡᠵᠦ ᠰᠤᠯᠤᠩᠭ᠋ᠤᠰ ᠤᠨ ᠬᠢᠨ ᠤᠨᠴᠠᠯᠠᠪᠠ

2017-08-11 17:21

    ᠰᠢᠨᠬᠤᠧᠠ ᠬᠤᠷᠢᠶ᠎ᠠ   ᠫᠢᠦᠩᠶᠠᠩ ᠤᠨ 8 ᠰᠠᠷ᠎ᠠ ᠶᠢᠨ 10 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠴᠧᠩ ᠳ᠋ᠠ ᠢᠦᠢ᠂ ᠡᠦ ᠴᠢᠶᠠᠩ ) 10 ᠤ ᠡᠲᠦᠷ᠂ 8 ᠰᠠᠷ᠎ᠠ ᠶᠢᠨ ᠲᠤᠮᠲᠠᠴᠢ ᠳ᠋ᠤ ᠭᠤᠧᠠᠮ ᠠᠷᠠᠯ ᠢ ᠪᠦᠰᠡᠯᠡᠨ ᠴᠤᠬᠢᠬᠤ ᠲᠦᠰᠦᠯ ᠢ ᠵᠤᠬᠢᠶᠠᠵᠤ ᠲᠠᠭᠤᠰᠬᠠᠨ ᠰᠤᠯᠤᠩᠭ᠋ᠤᠰ ᠤᠨ ᠴᠦᠮ᠎ᠡ ᠶᠢᠨ ᠵᠡᠪᠰᠡᠭ ᠤᠨ ᠶᠡᠷᠦᠩᠬᠡᠢ ᠺᠤᠮᠠᠨᠳᠠᠯᠠᠭᠴᠢ ᠺᠢᠮ ᠽᠧᠩ ᠡᠧᠨ ᠳ᠋ᠤ ᠲᠤᠰᠢᠶᠠᠨ᠎ᠡ ᠬᠡᠮᠡᠨ ᠰᠤᠯᠤᠩᠭ᠋ᠤᠰ ᠤᠨ ᠴᠡᠷᠢᠭ ᠤᠨ ᠲᠠᠯ᠎ᠠ ᠶᠢᠨ ᠬᠢᠨ ᠤᠨᠴᠠᠯᠠᠪᠠ᠃ ᠲᠦᠰᠦᠯ ᠤᠨ ᠠᠭᠤᠯᠭ᠎ᠠ ᠨᠢ 4 ᠲᠤᠮᠲᠠ ᠬᠤᠯᠠ ᠵᠠᠢ ᠶᠢᠨ ᠵᠠᠯᠠᠭᠤᠷᠲᠤ ᠰᠤᠮᠤ ᠶᠢ ᠭᠤᠧᠠᠮ ᠠᠷᠠᠯ ᠤᠨ 30  ᠡᠴᠡ 40 ᠺᠢᠯᠤᠮᠧᠲ᠋ᠷ ᠤᠷᠴᠢᠮ ᠤᠨ ᠤᠰᠤᠨ ᠤᠷᠤᠨ ᠳ᠋ᠤ ᠬᠠᠷᠪᠤᠨ᠎ᠠ᠃

    ᠰᠤᠯᠤᠩᠭ᠋ᠤᠰ ᠤᠨ ᠠᠷᠠᠳ ᠤᠨ ᠴᠡᠷᠢᠭ ᠤᠨ ᠪᠠᠶᠢᠯᠲᠤᠬᠤ ᠪᠤᠲᠤᠯᠭ᠎ᠠ ᠶᠢᠨ ᠴᠡᠷᠢᠭ ᠦᠬᠦᠯᠡᠭᠴᠢ ᠪᠡᠷ ᠢᠶᠡᠨ ᠲᠠᠮᠵᠢᠭᠤᠯᠤᠨ ᠠᠮᠧᠷᠢᠺᠠ ᠶᠢᠨ ᠲᠠᠯ᠎ᠠ ᠳ᠋ᠤ ᠭᠦᠢᠴᠡᠳ ᠰᠡᠷᠡᠮᠵᠢᠯᠡᠬᠦᠯᠦᠭᠰᠡᠨ ᠪᠤᠯᠪᠠᠴᠤ ᠠᠮᠧᠷᠢᠺᠠ ᠶᠢᠨ ᠶᠡᠷᠦᠩᠬᠡᠶᠢᠯᠡᠭᠴᠢ ᠲᠧᠷᠠᠮᠫ ᠪᠠᠶᠢᠲᠠᠯ ᠤᠨ ᠬᠠᠨᠲᠤᠰᠢ ᠶᠢ ᠭᠦᠢᠴᠡᠳ ᠡᠵᠡᠮᠰᠢᠭᠰᠡᠨ ᠦᠭᠡᠢ ᠬᠠᠷᠢᠨ 《ᠫᠤᠤ ᠰᠤᠮᠤ ᠪᠠ ᠠᠭᠤᠷ ᠤᠴᠠᠭᠠᠷ》 ᠤᠨ ᠶᠠᠷᠢᠶ᠎ᠠ ᠬᠡᠯᠡᠯᠴᠡᠭᠡ ᠪᠤᠢ ᠪᠤᠯᠭᠠᠭᠰᠠᠨ ᠭᠡᠵᠦ ᠰᠤᠯᠤᠩᠭ᠋ᠤᠰ ᠤᠨ ᠨᠢᠭᠡ ᠠᠷᠠᠳ ᠤᠨ ᠴᠡᠷᠢᠭ ᠤᠨ ᠪᠠᠶᠢᠯᠲᠤᠬᠤ ᠪᠤᠲᠤᠯᠭ᠎ᠠ ᠶᠢᠨ ᠴᠡᠷᠢᠭ ᠤᠨ ᠺᠤᠮᠠᠨᠳ᠋ᠠᠯᠠᠭᠴᠢ ᠶᠠᠷᠢᠨ᠎ᠠ᠃ ᠲᠡᠷᠡᠪᠡᠷ ᠮᠦᠨ ᠶᠠᠷᠢᠬᠤ ᠳ᠋ᠠᠭᠠᠨ᠂ ᠰᠤᠯᠤᠩᠭ᠋ᠤᠰ ᠤᠨ ᠲᠤᠰ ᠤᠲᠠᠭᠠᠨ ᠤ ᠴᠡᠷᠢᠭ ᠤᠨ ᠶᠠᠪᠤᠲᠠᠯ ᠤᠨ ᠠᠵᠢᠯᠯᠠᠭ᠎ᠠ ᠨᠢ ᠰᠤᠯᠤᠩᠭ᠋ᠤᠰ ᠬᠤᠶᠢᠭ ᠵᠢᠴᠢ ᠬᠠᠪᠢ ᠲᠦᠰᠦᠷ ᠤᠨ ᠤᠷᠤᠨ ᠤ ᠬᠢᠨ ᠠᠮᠧᠷᠢᠺᠠ ᠶᠢᠨ ᠠᠵᠢᠯᠯᠠᠭ᠎ᠠ ᠶᠢ ᠵᠤᠭᠰᠤᠭᠠᠬᠤ ᠪᠦᠲᠦᠮᠵᠢᠲᠡᠢ ᠠᠷᠭ᠎ᠠ ᠬᠡᠮᠵᠢᠶ᠎ᠠ ᠪᠤᠯᠤᠭᠰᠠᠨ ᠭᠡᠪᠡ᠃

    8 ᠤ ᠡᠲᠦᠷ᠂ ᠰᠤᠯᠤᠩᠭ᠋ᠤᠰ ᠤᠨ ᠠᠷᠠᠳ ᠤᠨ ᠴᠡᠷᠢᠭ ᠤᠨ ᠪᠠᠶᠢᠯᠲᠤᠬᠤ ᠪᠤᠲᠤᠯᠭ᠎ᠠ ᠶᠢᠨ ᠴᠡᠷᠢᠭ ᠤᠨ ᠦᠬᠦᠯᠡᠭᠴᠢ ᠬᠡᠯᠡᠬᠦ ᠳ᠋ᠡᠭᠡᠨ᠂ ᠠᠮᠧᠷᠢᠺᠠ ᠶᠢᠨ ᠭᠤᠧᠠᠮ ᠠᠷᠠᠯ ᠳ᠋ᠤ ᠰᠠᠭᠤᠭ᠎ᠠ ᠪᠠᠶᠢᠯᠲᠤᠬᠤ ᠪᠤᠲᠤᠯᠭ᠎ᠠ ᠶᠢᠨ ᠰᠦᠨᠦᠭᠡᠭ᠍ᠴᠢ ᠮᠠᠰᠢᠨ ᠤ ᠠᠭᠠᠷ ᠤᠨ ᠴᠡᠷᠢᠭ ᠤᠨ ᠰᠠᠭᠤᠷᠢᠨ ᠵᠡᠷᠭᠡ ᠶᠢ ᠬᠤᠷᠢᠭᠯᠠᠬᠤ ᠪᠡᠷ ᠠᠮᠧᠷᠢᠺᠠ ᠳ᠋ᠤ ᠨᠤᠴᠢᠲᠠᠢ ᠰᠡᠷᠡᠮᠵᠢᠯᠡᠬᠦᠯᠦᠯ ᠦᠭᠴᠦ ᠪᠠᠶᠢᠭ᠎ᠠ ᠪᠠᠨ ᠢᠯᠡᠷᠬᠡᠶᠢᠯᠡᠭᠰᠡᠨ ᠪᠦᠭᠡᠳ ᠰᠤᠯᠤᠩᠭ᠋ᠤᠰ ᠤᠨ ᠠᠷᠠᠳ ᠤᠨ ᠴᠡᠷᠢᠭ ᠤᠨ ᠪᠠᠶᠢᠯᠲᠤᠬᠤ ᠪᠤᠲᠤᠯᠭ᠎ᠠ ᠶᠢᠨ ᠴᠡᠷᠢᠭ《 ᠭᠠᠯ ᠭᠠᠷᠠᠭ -12 》ᠲᠤᠮᠳᠠ ᠬᠤᠯᠠ ᠵᠠᠢ ᠶᠢᠨ ᠵᠠᠯᠠᠭᠤᠷᠲᠤ ᠰᠤᠮᠤ ᠬᠠᠷᠪᠤᠨ ᠭᠤᠧᠠᠮ ᠠᠷᠠᠯ ᠤᠨ ᠬᠠᠪᠢ ᠲᠦᠰᠦᠷ ᠢ ᠪᠦᠰᠡᠯᠡᠨ ᠲᠠᠭᠠᠷᠢᠬᠤ ᠲᠦᠰᠦᠯ ᠢ ᠨᠠᠷᠢᠨ ᠪᠤᠲᠤᠯᠬᠢᠯᠠᠵᠤ ᠪᠠᠶᠢᠨ᠎ᠠ ᠭᠡᠵᠡᠢ᠃ ᠬᠠᠮᠢᠶᠠᠲᠠᠢ ᠰᠠᠯᠠᠭ᠎ᠠ ᠮᠦᠴᠢᠷ ᠤᠨ ᠬᠢᠨ ᠡᠨᠡᠬᠦ ᠲᠦᠰᠦᠯ ᠢ ᠶᠠᠭ ᠵᠤᠬᠢᠶᠠᠵᠤ ᠪᠠᠶᠢᠨ᠎ᠠ᠂ ᠬᠡᠷᠪᠡ ᠬᠠᠮᠤᠭ ᠤᠨ ᠲᠡᠭᠡᠳᠦ ᠺᠤᠮᠠᠨᠳ᠋ᠠᠯᠠᠭᠴᠢ ᠺᠢᠮ ᠽᠧᠩ ᠡᠸᠨ ᠰᠢᠢᠳᠪᠦᠷᠢ ᠭᠠᠷᠭᠠᠨ ᠵᠦᠪᠰᠢᠶᠡᠷᠡᠪᠡᠯ ᠲᠦᠰᠦᠯ ᠲᠠᠷᠤᠶᠢᠬᠠᠨ ᠬᠡᠷᠡᠭᠵᠢᠬᠦᠯᠦᠭᠲᠡᠬᠦ ᠪᠤᠯᠤᠨ᠎ᠠ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121478798