蒙古文网站Logo
ᠰᠢᠨᠬᠤᠸᠠ ᠮᠤᠩᠭ᠋ᠤᠯ ᠨᠧᠲ

ᠺᠠᠱᠮᠢᠷ ᠤᠨ ᠮᠦᠷᠬᠦᠯᠲᠦᠭᠡᠨ ᠳ᠋ᠤ ᠡᠨᠡᠳᠭᠡᠭ᠌ ᠤᠨ ᠴᠡᠷᠢᠭ ᠡᠨᠳᠡᠵᠦ ᠰᠢᠷᠬᠠᠲᠤᠭᠰᠠᠨ ᠭᠡᠵᠦ ᠬᠡᠪᠯᠡᠯ ᠮᠡᠲᠡᠭᠡᠯᠡᠯ ᠤᠨ ᠬᠢᠨ ᠮᠡᠲᠡᠭᠡᠯᠡᠪᠡ

2017-08-15 17:32

    ᠡᠨᠡᠳᠭᠡᠭ᠌ ᠤᠨ ᠡᠵᠡᠮᠰᠢᠯ ᠳ᠋ᠡᠬᠢ ᠺᠠᠱᠮᠢᠷ ᠲᠤ ᠫᠤᠤ ᠰᠤᠮᠤ ᠬᠦᠲᠡᠯᠭᠡᠵᠦ ᠬᠤᠶᠠᠷ ᠴᠡᠷᠢᠭ ᠪᠠ ᠭᠤᠷᠪᠠᠨ ᠲᠠᠶᠢᠨᠴᠢ ᠡᠲᠡᠭᠡᠳ ᠡᠨᠲᠡᠭᠰᠡᠨ ᠭᠡᠵᠦ ᠨᠢᠭᠡ ᠠᠯᠪᠠᠨ ᠲᠤᠰᠢᠶᠠᠯᠲᠠᠨ ᠦᠩᠭᠡᠷᠡᠭᠰᠡᠨ ᠭᠠᠷᠠᠭ ᠤᠨ ᠡᠲᠦᠷ ᠤᠨᠴᠠᠯᠠᠭᠰᠠᠨ ᠭᠡᠵᠦ ᠭ᠍ᠧᠷᠮᠠᠨ ᠤ ᠮᠡᠲᠡᠭᠡᠯᠡᠯ ᠤᠨ ᠬᠤᠷᠢᠶ᠎ᠠ ᠮᠡᠲᠡᠭᠡᠯᠡᠪᠡ᠃ ᠮᠦᠨ ᠮᠡᠲᠡᠭᠡᠯᠡᠭᠰᠡᠨ ᠢᠶᠡᠷ᠂ ᠭᠠᠯᠯᠠᠯᠲᠠ ᠦᠩᠭᠡᠷᠡᠭᠰᠡᠨ ᠭᠠᠷᠠᠭ ᠤᠨ ᠵᠢᠷᠭᠤᠭᠠᠨ ᠤ ᠰᠦᠨᠢ ᠡᠴᠡ ᠡᠬᠢᠯᠡᠵᠦ ᠤᠲᠤᠬᠠᠨ ᠳ᠋ᠤ ᠴᠡᠷᠢᠭ ᠤᠨ ᠲᠠᠯ᠎ᠠ ᠶᠢᠨ ᠬᠢᠨ ᠲᠤᠰ ᠤᠷᠤᠨ ᠡᠴᠡ ᠦᠯᠡᠲᠡᠭᠲᠡᠯ ᠲᠠᠶᠢᠨᠴᠢ ᠡᠳᠡᠭᠡᠳ ᠢ ᠡᠷᠢᠵᠦ ᠪᠠᠶᠢᠨ᠎ᠠ᠃ ᠲᠤᠬᠠᠢ ᠶᠢᠨ ᠤᠷᠤᠨ ᠤ ᠬᠡᠪᠯᠡᠯ ᠮᠡᠲᠡᠭᠡᠯᠡᠯ ᠤᠨ ᠬᠢᠨ ᠤ ᠮᠡᠲᠡᠭᠡᠯᠡᠭᠰᠡᠨ ᠢ ᠦᠨᠳᠦᠰᠦᠯᠡᠪᠡᠯ᠂ ᠲᠤᠬᠠᠢ ᠶᠢᠨ ᠤᠷᠤᠨ ᠤ ᠵᠠᠯᠠᠭᠤᠴᠤᠳ ᠠᠮᠤᠷ ᠢ ᠬᠠᠮᠠᠭᠠᠯᠠᠬᠤ ᠴᠡᠷᠢᠭ ᠠᠩᠬᠢ ᠯᠤᠭ᠎ᠠ ᠮᠦᠷᠬᠦᠯᠲᠦᠭᠡᠨ ᠭᠠᠷᠴᠦ ᠲᠤᠰᠬᠤᠨ ᠤ ᠤᠶᠢᠷᠠᠯᠴᠠᠭᠠᠬᠢ ᠬᠤᠷᠢᠭ ᠢ ᠰᠢᠪᠲᠤᠯᠬᠤ ᠪᠡᠷ ᠭᠤᠷᠢᠲᠠᠨ ᠮᠦᠷᠬᠦᠯᠲᠦᠭᠡᠨ ᠳ᠋ᠤ 7 ᠢᠷᠭᠡᠨ ᠰᠢᠷᠬᠠᠲᠤᠭᠰᠠᠨ ᠭᠡᠵᠡᠢ᠃

    ᠡᠨᠡᠳᠭᠡᠭ᠌ ᠤᠨ ᠡᠵᠡᠮᠰᠢᠯ ᠳ᠋ᠡᠬᠢ ᠺᠠᠱᠮᠢᠷ ᠤᠷᠤᠨ ᠪᠤᠯ ᠮᠦᠰᠯᠢᠮᠴᠤᠳ ᠢᠶᠡᠷ ᠭᠤᠤᠯᠯᠠᠵᠤ᠂ ᠲᠡᠭᠡᠷ᠎ᠡ ᠵᠠᠭᠤᠨ ᠤ ᠨᠠᠶᠠᠭᠠᠳ ᠤᠨ ᠡᠴᠡ ᠨᠠᠰᠢ ᠲᠤᠰᠭ᠋᠋ᠠᠷᠯᠬᠤ ᠦᠵᠡᠯ ᠤᠨ ᠠᠵᠢᠯᠯᠠᠭ᠎ᠠ ᠵᠤᠬᠢᠶᠠᠨ ᠪᠠᠶᠢᠭᠤᠯᠤᠬᠰᠠᠨ ᠢᠢᠡᠷ 4.4 ᠲᠦᠮᠡᠨ ᠢᠷᠭᠡᠨ ᠠᠮᠢ ᠪᠠᠨ ᠠᠯᠲᠠᠪᠠ᠃

    ᠡᠨᠡᠳᠭᠡᠭ᠌ ᠤᠨ ᠰᠤᠨᠢᠨ ᠤ ᠦᠢᠯᠡᠰ ᠤᠨ ᠠᠯᠪᠠᠨ ᠰᠠᠶᠢᠲ ᠤᠨ ᠮᠡᠲᠡᠭᠡᠯᠡᠭᠰᠡᠨ ᠢᠶᠡᠷ᠂ 8 ᠰᠠᠷ᠎ᠠ ᠶᠢᠨ 1 ᠤ ᠡᠲᠦᠷ ᠪᠤᠯᠲᠠᠯ᠎ᠠ ᠫᠠᠺᠢᠰᠲ᠋ᠠᠨ ᠤ ᠴᠡᠷᠢᠭ ᠤᠨ ᠬᠢᠨ ᠡᠨᠡ ᠤᠨ ᠳ᠋ᠤ ᠲᠠᠶᠢᠲᠤᠬᠤ ᠪᠠᠨ ᠵᠤᠭᠰᠤᠬᠤ ᠬᠡᠯᠡᠯᠴᠡᠭᠡᠷ ᠢ 285 ᠤᠲᠠᠭ᠎ᠠ ᠵᠦᠷᠢᠴᠡᠭᠰᠡᠨ ᠭᠡᠵᠡᠢ᠃ ᠦᠩᠭᠡᠷᠡᠭᠰᠡᠨ ᠤᠨ ᠳ᠋ᠤ 228 ᠤᠲᠠᠭ᠎ᠠ ᠵᠦᠷᠢᠴᠡᠭᠰᠡᠨ ᠭᠡᠵᠦ ᠮᠡᠲᠡᠭᠡᠯᠡᠪᠡ᠃

ᠢᠷᠡᠯᠳᠡ᠄ ᠯᠠᠪᠯᠠᠯᠲᠠ ᠶᠢᠨ ᠮᠡᠲᠡᠭᠡ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120791121487692