蒙古文网站Logo
ᠰᠢᠨᠬᠤᠸᠠ ᠮᠤᠩᠭ᠋ᠤᠯ ᠨᠧᠲ

ᠮᠤᠩᠭᠤᠯ ᠤᠯᠤᠰ ᠤᠨ ᠨᠢᠬᠡᠨ ᠬᠠᠳᠠᠨ ᠤ ᠰᠡᠶᠢᠯᠪᠦᠷᠢ ᠶᠢ《 ᠶᠠᠨ ᠿᠠᠨ ᠠᠭᠤᠯᠠ ᠶᠢ ᠡᠷᠬᠦᠮᠵᠢᠯᠡᠭᠰᠡᠨ ᠬᠠᠳᠠᠨ ᠪᠢᠴᠢᠬᠡᠰᠦ 》 ᠪᠡᠷ ᠲᠤᠳᠤᠯᠠᠪᠠ

2017-08-17 11:36

    ᠰᠢᠨᠬᠤᠸᠠ ᠬᠤᠷᠢᠶ᠎ᠠ ᠤᠯᠠᠭᠠᠨᠪᠠᠭᠠᠳᠤᠷ ᠤᠨ 8 ᠰᠠᠷ᠎ᠠ ᠶᠢᠨ 15 ᠤ ᠡᠳᠤᠷ ᠤᠨ ᠴᠠᠬᠢᠯᠭᠠᠨ ᠮᠡᠳᠡᠬᠡ (ᠰᠤᠷᠪᠤᠯᠵᠢᠯᠠᠭᠴᠢ ᠠᠰᠬᠠᠨ) ᠮᠤᠩᠭᠤᠯ ᠤᠯᠤᠰ ᠤᠨ ᠴᠢᠩᠬᠢᠰ ᠬᠠᠭᠠᠨ ᠲᠡᠭᠡᠳᠤ ᠰᠤᠷᠭᠠᠭᠤᠯᠢ 15 ᠤ ᠡᠳᠤᠷ ᠵᠠᠷᠯᠠᠭᠰᠠᠨ ᠢᠶᠡᠷ᠂ ᠮᠤᠩᠭᠤᠯ ᠤᠯᠤᠰ ᠤᠨ ᠲᠤᠮᠳᠠᠭᠤᠪᠢ ᠠᠶᠢᠮᠠᠭ ᠡᠴᠡ ᠬᠠᠳᠠᠨ ᠤ ᠰᠡᠶᠢᠯᠪᠦᠷᠢ ᠢᠯᠡᠷᠡᠬᠦᠯᠵᠤ᠂ ᠤᠶᠢᠷ᠎ᠠ ᠳᠤ ᠲᠤᠮᠳᠠᠳᠤ ᠮᠤᠩᠭᠤᠯ ᠬᠤᠶᠠᠷ ᠤᠯᠤᠰ ᠤᠨ ᠬᠠᠮᠳᠤᠷᠠᠭᠰᠠᠨ ᠰᠢᠨᠵᠢᠯᠡᠬᠡᠨ ᠤ ᠪᠠᠭ ᠡᠨᠡᠬᠦ ᠬᠠᠳᠠᠨ ᠤ ᠰᠡᠶᠢᠯᠪᠦᠷᠢ ᠶᠢ ᠵᠡᠬᠦᠨ ᠬᠠᠨ ᠤᠯᠤᠰ ᠤᠨ ᠲᠡᠦᠬᠡ ᠶᠢᠨ ᠤᠬᠠᠭᠠᠭᠳᠠᠨ ᠪᠠᠨᠬᠦ᠋ ᠶᠢᠨ ᠪᠦᠲᠦᠬᠡᠯ《ᠶᠠᠨ ᠿᠠᠨ ᠠᠭᠤᠯᠠ ᠶᠢ ᠡᠷᠬᠦᠮᠵᠢᠯᠡᠭᠰᠡᠨ ᠬᠠᠳᠠᠨ ᠪᠢᠴᠢᠬᠡᠰᠦ 》 ᠬᠡᠮᠡᠨ ᠲᠤᠳᠤᠯᠠᠭᠰᠠᠨ ᠪᠠᠶᠢᠨ᠎ᠠ᠃

    ᠴᠢᠩᠬᠢᠰ ᠬᠠᠭᠠᠨ ᠲᠡᠭᠡᠳᠤ ᠰᠤᠷᠭᠠᠭᠤᠯᠢ ᠶᠢᠨ ᠵᠠᠬᠢᠷᠤᠯ ᡀᠬᠠᠪᠠᠰᠦ᠋ᠷᠦᠩ ᠰᠢᠨᠬᠤᠸᠠ ᠬᠤᠷᠢᠶᠠᠨ ᠤ ᠰᠤᠷᠪᠤᠯᠵᠢᠯᠠᠭᠴᠢ ᠳᠤ᠂ ᠡᠨᠡᠬᠦ ᠬᠢᠳᠠᠳ ᠦᠰᠦᠭ ᠲᠠᠢ ᠬᠠᠳᠠᠨ ᠤ ᠰᠡᠶᠢᠯᠪᠦᠷᠢ ᠶᠢ 20 ᠳ᠋ᠤᠭᠠᠷ ᠵᠠᠭᠤᠨ ᠤ ᠶᠡᠷᠡᠭᠡᠳ ᠤᠨ ᠳᠤ ᠨᠢᠬᠡᠨᠳᠡ ᠢᠯᠡᠷᠡᠬᠦᠯᠤᠭ᠍ᠰᠡᠨ᠃ ᠨᠤᠳᠤᠭ ᠤᠨ ᠡᠷᠳᠡᠮᠳᠡᠨ ᠮᠡᠷᠬᠡᠵᠢᠯᠳᠡᠨ ᠬᠡᠳᠤᠨᠳᠡ ᠰᠢᠨᠵᠢᠯᠡᠨ ᠰᠤᠳᠤᠯᠤᠭᠰᠠᠨ ᠪᠤᠯᠪᠠᠴᠤ ᠠᠮᠵᠢᠯᠳᠠ ᠲᠠᠢ ᠤᠩᠰᠢᠨ ᠲᠠᠶᠢᠯᠪᠤᠷᠢᠯᠠᠵᠤ ᠴᠢᠳᠠᠭ᠎ᠠ ᠦᠭᠡᠢ᠃ 2014 ᠤᠨ ᠳᠤ ᠮᠤᠩᠭᠤᠯ ᠤᠨ ᠲᠠᠯ᠎ᠠ ᠶᠢᠨ ᠬᠢᠨ ᠡᠨᠡᠬᠦ ᠪᠠᠶᠢᠳᠠᠯ ᠢ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠠᠯᠳᠠᠷᠳᠤ ᠮᠤᠩᠭᠤᠯᠴᠢ ᠡᠷᠳᠡᠮᠳᠡᠨ ᠴᠢᠮᠡᠳᠳᠤᠷᠵᠢ ᠳᠤ ᠶᠠᠷᠢᠭᠰᠠᠨ ᠪᠦᠭᠡᠳ ᠲᠡᠬᠦᠨ ᠢ ᠤᠷᠢᠵᠤ ᠬᠠᠮᠳᠤ ᠳᠤ ᠪᠠᠨ ᠲᠤᠬᠠᠢ ᠶᠢᠨ ᠭᠠᠵᠠᠷ ᠲᠤ ᠨᠢ ᠰᠢᠨᠵᠢᠯᠡᠬᠡ ᠬᠢᠬᠦ ᠶᠢ ᠬᠦᠰᠡᠭᠰᠡᠨ ᠬᠡᠵᠤ ᠶᠠᠷᠢᠯ᠎ᠡ᠃

    ᡀᠬᠠᠪᠠᠰᠦ᠋ᠷᠦᠩ᠂ ᠦᠨᠦ ᠵᠢᠯ ᠤᠨ 7 ᠰᠠᠷ᠎ᠠ ᠶᠢᠨ ᠰᠡᠬᠦᠯᠴᠢ ᠪᠡᠷ ᠴᠢᠩᠬᠢᠰ ᠬᠠᠭᠠᠨ ᠲᠡᠭᠡᠳᠤ ᠰᠤᠷᠭᠠᠭᠤᠯᠢ ᠪᠤᠯᠤᠨ ᠦᠪᠦᠷ ᠮᠤᠩᠭᠤᠯ ᠤᠨ ᠶᠡᠬᠡ ᠰᠤᠷᠭᠠᠭᠤᠯᠢ ᠶᠢᠨ ᠲᠤᠰᠬᠠᠢ ᠮᠡᠷᠬᠡᠵᠢᠯᠳᠡᠨ ᠤ ᠬᠠᠮᠳᠤᠷᠠᠭᠰᠠᠨ ᠰᠢᠨᠵᠢᠯᠡᠬᠡᠨ ᠤ ᠪᠠᠭ ᠮᠤᠩᠭᠤᠯ ᠤᠯᠤᠰ ᠤᠨ ᠲᠤᠮᠳᠠᠭᠤᠪᠢ ᠠᠶᠢᠮᠠᠭ ᠤᠨ ᠲᠡᠯᠭᠡᠷᠬᠠᠩᠭᠠᠢ ᠰᠤᠮᠤᠨ ᠳᠤ ᠬᠦᠷᠴᠦ ᠬᠠᠳᠠᠨ ᠤ ᠰᠡᠶᠢᠯᠪᠦᠷᠢ ᠳᠤ ᠲᠤᠬᠠᠢ ᠶᠢᠨ ᠭᠠᠵᠠᠷ ᠲᠡᠭᠡᠷ᠎ᠡ ᠨᠢ ᠰᠤᠳᠤᠯᠤᠯ ᠰᠢᠨᠵᠢᠯᠡᠬᠡ ᠬᠢᠭ᠍ᠰᠡᠨ ᠪᠠᠶᠢᠨ᠎ᠠ ᠬᠡᠵᠡᠢ᠃

    ᠬᠠᠮᠳᠤᠷᠠᠭᠰᠠᠨ ᠰᠢᠨᠵᠢᠯᠡᠬᠡᠨ ᠤ ᠪᠠᠭ ᠤᠨ ᠲᠤᠮᠳᠠᠳᠤ ᠶᠢᠨ ᠲᠠᠯ᠎ᠠ ᠶᠢᠨ ᠮᠡᠷᠬᠡᠵᠢᠯᠳᠡᠨ ᠴᠢᠮᠡᠳᠳᠤᠷᠵᠢ ᠶᠢᠨ ᠲᠠᠨᠢᠯᠴᠠᠭᠤᠯᠤᠭᠰᠠᠨ ᠢᠶᠡᠷ᠂ ᠬᠠᠳᠠᠨ ᠤ ᠰᠡᠶᠢᠯᠪᠦᠷᠢ ᠮᠤᠩᠭᠤᠯ ᠤᠯᠤᠰ ᠤᠨ ᠲᠤᠮᠳᠠᠭᠤᠪᠢ ᠠᠶᠢᠮᠠᠭ ᠤᠨ ᠪᠠᠷᠠᠭᠤᠨ ᠡᠮᠦᠨ᠎ᠡ ᠬᠡᠰᠡᠭ ᠲᠤ ᠪᠠᠶᠢᠷᠢᠯᠠᠭ᠎ᠠ ᠬᠠᠩᠭᠠᠢ ᠨᠢᠷᠤᠭᠤ ᠶᠢᠨ ᠰᠠᠯᠪᠤᠷᠢ ᠨᠢᠷᠤᠭᠤ ᠶᠢᠨ ᠡᠮᠦᠨᠡᠰᠢ ᠬᠦᠳᠦᠶᠢᠭᠰᠡᠨ ᠨᠢᠬᠡᠨ ᠬᠠᠳᠠᠨ ᠲᠡᠭᠡᠷ᠎ᠡ ᠪᠠᠶᠢᠳᠠᠭ᠂ ᠲᠤᠰ ᠬᠠᠳᠠᠨ ᠤ ᠰᠡᠶᠢᠯᠪᠦᠷᠢ ᠶᠢᠨ ᠦᠷᠭᠡᠨ ᠨᠢ 130 ᠰᠡᠨᠲ᠋ᠢᠮᠧᠲ᠋ᠷ᠂ ᠤᠷᠳᠤ ᠨᠢ 94 ᠰᠡᠨᠲ᠋ᠢᠮᠧᠲ᠋ᠷ᠃ ᠲᠤᠬᠠᠢ ᠶᠢᠨ ᠭᠠᠵᠠᠷ ᠲᠤᠨᠢ ᠰᠤᠳᠤᠯᠤᠨ ᠰᠢᠨᠵᠢᠯᠡᠭᠰᠡᠨ ᠶᠠᠪᠤᠴᠠ ᠳᠤ ᠮᠡᠷᠬᠡᠵᠢᠯᠳᠡᠳ ᠬᠠᠳᠠᠨ ᠤ ᠰᠡᠶᠢᠯᠪᠦᠷᠢ ᠶᠢ ᠬᠠᠭᠤᠯᠪᠤᠷᠢᠯᠠᠬᠤ᠂ ᠵᠢᠷᠤᠭ ᠠᠪᠬᠤ ᠵᠡᠷᠬᠡ ᠠᠵᠢᠯ ᠬᠢᠬᠦ ᠶᠢᠨ ᠲᠠᠭᠠᠤ ᠬᠠᠳᠠᠨ ᠤ ᠰᠡᠶᠢᠯᠪᠦᠷᠢ ᠶᠢᠨ ᠦᠰᠦᠭ ᠢ ᠨᠢᠬᠡᠳ ᠨᠢᠬᠡ ᠪᠡᠷ ᠰᠢᠯᠭᠠᠨ ᠬᠠᠷᠭᠤᠭᠤᠯᠤᠭᠰᠠᠨ ᠪᠠᠶᠢᠨ᠎ᠠ᠃

    ᡀᠬᠠᠪᠠᠰᠦ᠋ᠷᠦᠩ᠂ ᠰᠢᠨᠵᠢᠯᠡᠬᠡᠨ ᠤ ᠪᠠᠭ ᠬᠠᠳᠠᠨ ᠤ ᠰᠡᠶᠢᠯᠪᠦᠷᠢ ᠶᠢᠨ 260 ᠭᠠᠷᠤᠢ ᠬᠢᠳᠠᠳ ᠦᠰᠦᠭ ᠤᠨ 220 ᠭᠠᠷᠤᠢ ᠦᠰᠦᠭ ᠢ ᠠᠮᠵᠢᠯᠳᠠ ᠲᠠᠢ ᠲᠠᠶᠢᠯᠪᠤᠷᠢᠯᠠᠨ ᠤᠩᠰᠢᠵᠠᠢ᠃ ᠮᠦᠨ ᠴᠢᠩᠭ᠎ᠠ ᠨᠠᠷᠢᠨ ᠨᠤᠲᠠᠯᠠᠯᠲᠠ ᠪᠡᠷ ᠲᠠᠮᠵᠢᠨ ᠲᠤᠰ ᠬᠠᠳᠠᠨ ᠤ ᠰᠡᠶᠢᠯᠪᠦᠷᠢ ᠨᠢ ᠲᠤᠮᠳᠠᠳᠤ ᠤᠯᠤᠰ ᠤᠨ ᠵᠡᠬᠦᠨ ᠬᠠᠨ ᠤᠯᠤᠰ ᠤᠨ ᠶᠦᠩ ᠶᠤᠸᠠᠨ ᠤ ᠲᠠᠷᠢᠬᠦᠨ ᠤᠨ (ᠤᠨ ᠲᠤᠭᠠᠯᠠᠯ ᠤᠨ 89 ᠤᠨ) ᠤ ᠪᠠᠨᠭᠦ᠋ ᠶᠢᠨ ᠪᠦᠲᠦᠬᠡᠯ 《ᠶᠠᠨ ᠿᠠᠨ ᠠᠭᠤᠯᠠ ᠶᠢ ᠡᠷᠬᠦᠮᠵᠢᠯᠡᠭᠰᠡᠨ ᠬᠠᠳᠠᠨ ᠪᠢᠴᠢᠬᠡᠰᠦ》ᠪᠤᠯᠬᠤ ᠶᠢ ᠲᠤᠳᠤᠯᠠᠪᠠ᠃ ᠡᠶᠢᠨᠬᠦ ᠲᠤᠰ ᠬᠠᠳᠠᠨ ᠤ ᠰᠡᠶᠢᠯᠪᠦᠷᠢ ᠶᠢᠨ ᠲᠤᠬᠠᠢ ᠵᠦᠢᠯ ᠪᠦᠷᠢ ᠶᠢᠨ ᠮᠠᠭᠠᠳᠯᠠᠯᠲᠠ ᠪᠤᠯᠤᠨ ᠡᠷᠡᠭᠡᠯᠵᠡᠬᠡᠨ ᠢ ᠪᠦᠷᠢᠨ ᠰᠢᠶ᠋ᠳᠪᠦᠷᠢᠯᠡᠭᠰᠡᠨ ᠪᠠᠶᠢᠨ᠎ᠠ ᠬᠡᠵᠡᠢ᠃

    《ᠶᠠᠨ ᠿᠠᠨ ᠠᠭᠤᠯᠠ ᠶᠢ ᠡᠷᠬᠦᠮᠵᠢᠯᠡᠭᠰᠡᠨ ᠬᠠᠳᠠᠨ ᠪᠢᠴᠢᠬᠡᠰᠦ 》 ᠪᠤᠯ ᠵᠡᠬᠦᠨ ᠬᠠᠨ ᠤᠯᠤᠰ ᠤᠨ ᠶᠦᠩ ᠶᠤᠸᠠᠨ ᠤ ᠲᠠᠷᠢᠬᠦᠨ ᠤᠨ ᠳᠤ ᠳ᠋ᠧᠦ ᠰᠢᠶᠠᠨ ᠬᠠᠨ ᠤᠯᠤᠰ ᠤᠨ ᠴᠡᠷᠢᠭ ᠢ ᠳᠠᠭᠠᠭᠤᠯᠤᠨ ᠤᠮᠠᠷᠠᠲᠤ ᠾᠦᠩᠨᠦ ᠶᠢ ᠶᠡᠬᠡ ᠪᠡᠷ ᠢᠯᠠᠭᠰᠠᠨ ᠤ ᠳᠠᠷᠠᠭ᠎ᠠ᠂ ᠶᠠᠨ ᠿᠠᠨ ᠠᠭᠤᠯᠠᠨ(ᠬᠠᠡᠭᠭᠠᠢ ᠠᠭᠤᠯᠠ) ᠤ ᠡᠮᠦᠨ᠎ᠡ ᠪᠡᠯ  ᠤᠨ ᠬᠠᠳᠠᠨ ᠲᠡᠭᠡᠷ᠎ᠡ ᠢᠯᠠᠯᠳᠠ ᠪᠠᠨ ᠲᠡᠮᠳᠡᠭᠯᠡᠨ ᠡᠨᠡ ᠪᠢᠴᠢᠬᠡᠰᠦ  ᠶᠢ ᠰᠡᠶᠢᠯᠵᠡᠢ᠂ ᠠᠭᠤᠯᠭ᠎ᠠ ᠶᠢᠨ ᠬᠤᠪᠢ ᠳᠤ ᠵᠠᠬᠦᠨ ᠬᠠᠨ ᠤᠯᠤᠰ ᠪᠤᠯᠤᠨ ᠤᠮᠠᠷᠠᠲᠤ ᠾᠦᠩᠨᠦ ᠶᠢᠨ ᠬᠤᠭᠤᠷᠤᠨᠳᠤᠬᠢ ᠬᠠᠮᠤᠭ ᠤᠨ ᠡᠴᠤᠰ ᠤᠨ ᠶᠡᠬᠡ ᠪᠠᠶᠢᠯᠳᠤᠭᠠᠨ ᠢ ᠲᠡᠮᠳᠡᠭᠯᠡᠪᠡ᠃ (ᠵᠢᠷᠤᠭ ᠢ ᠴᠢᠮᠡᠳᠳᠤᠷᠵᠢ ᠫᠷᠤᠹᠧᠰᠰᠤᠷ ᠬᠠᠩᠭᠠᠪᠠ)

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121498404