ᠢᠰᠫᠠᠨᠢ ᠶᠢᠨ ᠪᠠᠷᠰᠧᠯᠤᠨᠠ ᠶᠢᠨ ᠰᠦᠷᠲᠡᠬᠦᠯᠦᠯ ᠤᠨ ᠲᠠᠭᠠᠷᠢᠯᠲᠠ ᠳ᠋ᠤ 13 ᠬᠦᠮᠦᠨ ᠠᠮᠢ ᠪᠠᠨ ᠠᠯᠲᠠᠵᠤ 80 ᠬᠦᠮᠦᠨ ᠰᠢᠷᠬᠠᠲᠤᠪᠠ 2017-08-18 11:07

    ᠰᠢᠨᠬᠤᠧᠠ ᠬᠤᠷᠢᠶ᠎ᠠ   ᠮᠠᠳ᠋ᠷᠢᠳ᠋ ᠤᠨ 8 ᠰᠠᠷ᠎ᠠ ᠶᠢᠨ 17 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠹᠧᠩ ᠵᠢᠶᠦ᠋ᠨ ᠸᠸᠢ ) 17 ᠤ ᠡᠲᠦᠷ᠂ ᠢᠰᠫᠠᠨᠢ ᠶᠢᠨ ᠪᠠᠷᠰᠧᠯᠤᠨᠠ ᠳ᠋ᠤ ᠠᠴᠢᠶᠠᠨ ᠤ ᠮᠠᠰᠢᠨ ᠢᠶᠡᠷ ᠬᠦᠮᠦᠨ ᠲᠠᠭᠠᠷᠢᠭᠰᠠᠨ ᠰᠦᠷᠲᠡᠬᠦᠯᠦᠯᠲᠡ ᠡᠭᠦᠰᠴᠦ᠂ 13 ᠬᠦᠮᠦᠨ ᠠᠮᠢ ᠪᠠᠨ ᠠᠯᠲᠠᠵᠤ 80 ᠬᠦᠮᠦᠨ ᠰᠢᠷᠬᠠᠲᠤᠪᠠ᠂ ᠡᠭᠦᠨ ᠳ᠋ᠤ 15 ᠬᠦᠮᠦᠨ ᠤ ᠰᠢᠷᠬ᠎ᠠ ᠨᠢ ᠬᠦᠨᠳᠦ ᠪᠠᠶᠢᠨ᠎ᠠ ᠭᠡᠵᠦ ᠪᠠᠷᠰᠧᠯᠤᠨᠠ ᠬᠤᠲᠠ ᠶᠢᠨ ᠬᠠᠮᠢᠶ᠎ᠠ ᠲᠠᠢ ᠲᠠᠯ᠎᠎ᠠ ᠶᠢᠨ ᠬᠢᠨ ᠤᠨᠴᠠᠯᠠᠪᠠ᠃

    ᠲᠤᠮᠲᠠᠲᠤ ᠤᠯᠤᠰ ᠡᠴᠡ ᠪᠠᠷᠰᠧᠯᠤᠨᠠ ᠳ᠋ᠤ ᠰᠠᠭᠤᠭ᠎ᠠ ᠶᠡᠷᠦᠩᠬᠡᠢ ᠺᠤᠨᠰᠦ᠋ᠯ ᠤᠨ ᠭᠠᠵᠠᠷ ᠤᠲᠤᠬᠠᠨ ᠳ᠋ᠤ ᠲᠤᠮᠲᠠᠲᠤ ᠤᠯᠤᠰ ᠤᠨ ᠢᠷᠭᠡᠨ ᠡᠨᠳᠡᠵᠦ ᠰᠢᠷᠬᠠᠲᠤᠭᠰᠠᠨ ᠮᠡᠲᠡᠭᠡᠯᠡᠯ ᠦᠭᠡᠢ ᠪᠠᠶᠢᠭᠰᠠᠭᠠᠷ ᠭᠡᠵᠦ ᠢᠯᠡᠷᠬᠡᠶᠢᠯᠡᠪᠡ᠃

    ᠲᠤᠬᠠᠢ ᠶᠢᠨ ᠡᠲᠦᠷ ᠲᠠᠪᠠᠷᠠᠮᠠᠲᠠᠭᠠᠢ ᠪᠦᠯᠦᠭᠲᠡᠨ ᠤ ᠵᠤᠬᠢᠶᠠᠨ ᠪᠠᠶᠢᠭᠤᠯᠤᠯᠲᠠ 《ᠢᠰᠯᠠᠮ ᠤᠨ ᠤᠯᠤᠰ》 ᠲᠤᠰ ᠬᠡᠷᠡᠭ ᠢ ᠦᠢᠯᠡᠲᠦᠭᠰᠡᠨ ᠭᠡᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
010070230030000000000000011120791121504466